ᠠᠯᠪᠠᠲᠠᠨ ᠤ ᠬᠠᠥᠯᠢ ︵ᠲᠠᠪᠤ︶
ᠨᠡᠶᠢᠲᠡᠯᠡᠭᠰᠡᠨ ᠴᠠᠭ᠄
2022/9/14
             ᠲᠤᠯᠤᠳᠤᠭᠠᠷ ᠪᠦᠯᠦᠭ     ᠲᠤᠰᠢᠶᠠᠯ ᠲᠡᠪᠰᠢᠬᠦᠯᠬᠦ ᠪᠠ ᠪᠠᠭᠤᠷᠠᠭᠤᠯᠬᠤ                        ᠲᠦᠴᠢᠨ ᠭᠤᠷᠪᠠᠳᠤᠭᠠᠷ ᠵᠦᠢᠯ     ᠠᠯᠪᠠᠳᠠᠨ ᠲᠤᠰᠢᠶᠠᠯ ᠲᠡᠪᠰᠢᠬᠦ ᠳᠤ ᠵᠢᠱᠢᠨ ᠲᠤᠮᠢᠯᠠᠬᠤ ᠲᠤᠰᠢᠶᠠᠯ ᠤᠨ  ᠱᠠᠭᠠᠷᠳᠠᠬᠤ ᠦᠵᠡᠯ ᠰᠠᠨᠠᠭ᠎ᠠ ᠤᠯᠤᠰ ᠲᠦᠷᠦ  ᠶᠢᠨ ᠭᠡᠪ ᠴᠢᠨᠠᠷ᠂ ᠠᠵᠢᠯ ᠤᠨ ᠴᠢᠳᠠᠪᠤᠷᠢ᠂ ᠰᠤᠶᠤᠯ ᠤᠨ ᠭᠢᠷᠢ  ᠭᠡᠮᠵᠢᠶ᠎ᠡ ᠪᠠ ᠲᠤᠰᠢᠶᠠᠯ ᠡᠭᠦᠷᠭᠡᠯᠡᠭᠰᠡᠨ ᠦᠡᠭᠭᠡᠷᠡᠯᠳᠡ ᠵᠡᠷᠭᠡ ᠲᠠᠯ᠎ᠠ ᠶᠢᠨ ᠨᠦᠬᠦᠴᠡᠯ ᠪᠠ ᠭᠢᠷᠢ ᠭᠡᠮ ᠢ ᠪᠦᠷᠢᠯᠳᠦᠬᠦᠯᠬᠦ  ᠭᠡᠷᠡᠭᠳᠡᠢ᠃ ᠠᠯᠪᠠᠳᠠᠨ ᠲᠤᠰᠢᠶᠠᠯ ᠲᠡᠪᠰᠢᠬᠦ ᠳᠤ ᠱᠠᠳᠤ ᠲᠠᠷᠠᠭᠠᠯᠠᠨ ᠲᠡᠪᠰᠢᠨ᠎ᠡ᠃ ᠤᠨᠴᠠᠭᠠᠢ ᠰᠢᠯᠢᠳᠡᠭ ᠪᠤᠶᠤ  ᠠᠵᠢᠯ ᠤᠨ ᠤᠨᠴᠠᠭᠠᠢ  ᠭᠡᠷᠡᠭᠴᠡᠭᠡ ᠲᠠᠢ ᠪᠤᠯ ᠲᠤᠭᠳᠠᠭᠠᠯ ᠶᠤᠰᠤᠭᠠᠷ ᠲᠦᠷᠢᠮ ᠢ ᠲᠠᠪᠠᠭᠤᠯᠵᠤ ᠪᠤᠯᠬᠤ ᠪᠤᠶᠤ ᠨᠢᠭᠡ  ᠲᠡᠰ ᠠᠯᠤᠰᠯᠠᠨ  ᠲᠤᠰᠢᠶᠠᠯ ᠳᠤ  ᠲᠡᠪᠰᠢᠬᠦᠯᠵᠦ ᠪᠤᠯᠤᠨ᠎ᠠ᠃                         ᠲᠦᠴᠢᠨ ᠲᠦᠷᠪᠡᠳᠦᠭᠡᠷ ᠵᠦᠢᠯ     ᠠᠯᠪᠠᠳᠠᠨ ᠢ ᠤᠳᠤᠷᠢᠥᠨᠬᠤ ᠲᠤᠰᠢᠶᠠᠯ ᠳᠤ ᠲᠡᠪᠰᠢᠬᠦᠯᠬᠦ ᠳᠤ ᠲᠤᠤᠷᠠᠬᠢ  ᠵᠢᠷᠤᠮ ᠢᠶᠠᠷ ᠬᠢᠬᠦ ᠭᠡᠷᠡᠭᠳᠡᠢ᠄ ︵ᠨᠢᠭᠡ︶ ᠠᠷᠠᠥᠨᠴᠢᠯᠠᠯ ᠢᠶᠠᠷ ᠲᠠᠨᠢᠯᠴᠠᠭᠤᠯᠵᠤ ᠬᠢᠨᠠᠨ ᠪᠠᠶᠢᠴᠠᠭᠠᠬᠤ ᠡᠳᠡᠭᠡᠥᠨ ᠢᠶᠠᠨ  ᠲᠤᠭᠳᠠᠭᠠᠨ᠎ᠠ︔ ︵ᠬᠤᠶᠠᠷ︶ ᠬᠢᠨᠠᠨ ᠪᠠᠶᠢᠴᠠᠭᠠᠯᠳᠠ ᠶᠢ ᠵᠤᠬᠢᠶᠠᠨ ᠪᠠᠶᠢᠭᠤᠯᠵᠤ᠂ ᠲᠤᠰᠢᠶᠠᠯ ᠳᠤ ᠲᠤᠮᠢᠯᠠᠬᠤ  ᠰᠠᠨᠠᠯ ᠤᠨ ᠲᠦᠰᠦᠯ ᠢ ᠰᠤᠳᠤᠯᠤᠨ ᠲᠤᠷᠠᠥᠨᠴᠤ ᠭᠠᠷᠭᠠᠬᠤ ᠶᠢᠨ ᠵᠡᠷᠭᠡᠪᠡᠷ ᠭᠡᠷᠡᠭᠴᠡᠭᠡ ᠪᠠᠨ ᠦᠨᠳᠦᠰᠦᠯᠡᠨ ᠵᠤᠬᠢᠬᠤ  ᠬᠦᠷᠢᠶ᠎ᠡ ᠭᠡᠪᠴᠢᠶᠡᠨ ᠲᠤᠳᠤᠷ᠎ᠠ ᠪᠡᠯᠡᠥᠨᠭᠡᠨ ᠶᠠᠷᠢᠯᠴᠠᠭᠤᠯᠤᠨ᠎ᠠ︔ ︵ᠭᠤᠷᠪᠠ︶ ᠬᠠᠮᠢᠶᠠᠷᠤᠯᠳᠠ ᠶᠢᠨ ᠡᠷᠭᠡ  ᠮᠡᠳᠡᠯ ᠤᠨ ᠭᠡᠪᠴᠢᠶᠨᠨ ᠲᠤᠳᠤᠷ᠎ᠠ ᠶᠠᠷᠢᠯᠴᠠᠨ ᠲᠤᠭᠳᠠᠭᠠᠨ᠎ᠠ︔ ︵ᠲᠦᠷᠪᠡ︶ ᠲᠤᠭᠳᠠᠭᠠᠯ ᠶᠤᠰᠤᠭᠠᠷ ᠲᠤᠰᠢᠶᠠᠯ ᠳᠤ   ᠲᠤᠮᠢᠯᠠᠬᠤ ᠭᠠᠷ ᠬᠦᠢᠴᠡᠥᠨᠭᠡᠯ ᠬᠢᠨ᠎ᠡ᠃ ᠠᠯᠪᠠᠳᠠᠨ ᠤᠳᠤᠷᠢᠳᠤᠯᠭ᠎ᠠ ᠶᠢᠨ ᠪᠤᠰᠤ ᠲᠤᠰᠢᠶᠠᠯ ᠳᠤ ᠲᠡᠪᠰᠢᠬᠦ ᠳᠤ ᠮᠦᠨ  ᠲᠡᠭᠡᠷ᠎ᠡ ᠲᠤᠭᠳᠠᠭᠠᠭᠰᠠᠨ ᠵᠢᠷᠤᠮ ᠢᠶᠠᠷ ᠯᠠᠪᠯᠠᠯᠳᠠ ᠪᠤᠯᠭᠠᠬᠤ ᠭᠡᠷᠡᠭᠳᠡᠢ᠃                       ᠲᠦᠴᠢᠨ ᠲᠠᠪᠤᠳᠤᠭᠠᠷ ᠵᠦᠢᠯ     ᠪᠠᠶᠢᠭᠤᠯᠭ᠎ᠠ ᠶᠢᠨ ᠲᠤᠳᠤᠭᠠᠳᠤ ᠳᠤ ᠲᠤᠬᠢᠷᠠᠭᠤᠯᠤᠭᠰᠠᠨ ᠪᠠᠶᠢᠭᠤᠯᠤᠮᠵᠢ  ᠶᠢᠨ ᠲᠢᠩᠭᠢᠮ ᠲᠤᠪᠴᠢᠶ᠎ᠠ ᠶᠢᠨ ᠵᠢᠩᠭᠢᠨᠢ ᠲᠤᠰᠢᠶᠠᠯ ᠠᠴᠠ ᠲᠤᠷᠤᠭᠰᠢᠬᠢ ᠤᠳᠤᠷᠢᠳᠤᠯᠭ᠎ᠠ ᠶᠢᠨ ᠲᠤᠰᠢᠶᠠᠯ  ᠬᠤᠭᠤᠰᠤᠨ ᠤᠷᠤ ᠭᠠᠷᠪᠠᠯ ᠲᠤᠰ ᠪᠠᠶᠢᠭᠤᠯᠭ᠎ᠠ ᠪᠤᠶᠤ ᠲᠤᠰ ᠰᠢᠰᠲ᠋ᠧᠮ ᠤᠨ ᠲᠤᠳᠤᠭᠠᠳᠤ ᠳᠠᠭᠠᠨ ᠠᠵᠢᠯ ᠤᠨ  ᠪᠠᠶᠢᠷᠢ ᠳᠤ ᠦᠷᠢᠰᠦᠯᠳᠦᠨ ᠭᠠᠷᠬᠤ ᠠᠷᠭ᠎ᠠ ᠪᠠᠷ ᠲᠤᠰᠢᠶᠠᠯ ᠳᠤ ᠲᠤᠮᠢᠯᠠᠬᠤ ᠰᠤᠩᠭᠤᠭᠳᠠᠬᠤ ᠬᠦᠮᠦᠨ ᠢ ᠲᠤᠭᠳᠠᠭᠠᠵᠤ  ᠪᠤᠯᠤᠨ᠎ᠠ᠃ ᠲᠢᠩᠭᠢᠮ ᠲᠤᠪᠴᠢᠶ᠎ᠠ ᠶᠢᠨ ᠵᠢᠩᠭᠢᠨᠢ ᠲᠤᠰᠢᠶᠠᠯ ᠠᠴᠠ ᠲᠤᠷᠤᠭᠰᠢᠬᠢ ᠤᠳᠤᠷᠢᠳᠤᠯᠭ᠎ᠠ ᠶᠢᠨ ᠲᠤᠰᠢᠶᠠᠯ  ᠪᠤᠶᠤ ᠡᠰᠡᠬᠦᠯ᠎ᠡ ᠲᠡᠳ᠋ ᠪᠠᠶᠢᠴᠠᠭᠠᠨ ᠰᠤᠳᠤᠯᠤᠭᠴᠢ ᠠᠴᠠ ᠲᠡᠭᠡᠭᠰᠢᠬᠢ ᠵᠢᠴᠢ ᠪᠤᠰᠤᠤᠨ ᠠᠳᠠᠯᠢᠪᠳᠤᠷ ᠲᠤᠰᠢᠶᠠᠯ ᠤᠨ  ᠲᠡᠰ ᠲᠠᠪᠬᠤᠷᠭ᠎ᠠ ᠶᠢᠨ ᠤᠳᠤᠷᠢᠳᠤᠯᠭ᠎ᠠ ᠶᠢᠨ ᠪᠤᠰᠤ ᠲᠤᠰᠢᠶᠠᠯ ᠳᠤ ᠬᠤᠭᠤᠰᠤᠨ ᠤᠷᠤ ᠭᠠᠷᠪᠠᠯ ᠨᠡᠶᠢᠭᠡᠮ ᠳᠤ  ᠬᠠᠨᠳᠤᠭᠤᠯᠵᠤ  ᠢᠯᠨ ᠪᠠᠷ ᠰᠢᠯᠢᠨ ᠰᠤᠩᠭᠤᠵᠤ ᠲᠤᠰᠢᠶᠠᠯ ᠲᠤ ᠲᠤᠮᠢᠯᠠᠬᠤ ᠰᠤᠩᠭᠤᠭᠳᠠᠬᠤ ᠬᠦᠮᠦᠨ ᠢ  ᠲᠤᠭᠳᠠᠭᠠᠵᠤ ᠪᠤᠯᠤᠨ᠎ᠠ᠃ ᠠᠩᠬ᠎ᠠ ᠲᠤᠮᠢᠯᠠᠬᠤ ᠰᠢᠬᠦᠭᠴᠢ ᠪᠤᠯᠤᠨ ᠠᠩᠬ᠎ᠠ ᠲᠤᠮᠢᠯᠠᠬᠤ ᠪᠠᠶᠢᠴᠠᠭᠠᠭᠴᠢ ᠶᠢᠨ  ᠲᠤᠰᠢᠶᠠᠯ ᠳᠤ ᠲᠤᠮᠢᠯᠠᠬᠤ ᠰᠤᠩᠭᠤᠭᠳᠠᠬᠤ ᠬᠦᠮᠦᠨ ᠢ ᠲᠤᠭᠳᠠᠭᠠᠬᠤ ᠳᠤ ᠨᠡᠶᠢᠭᠡᠮ ᠳᠤ ᠬᠠᠨᠳᠤᠭᠤᠯᠵᠤ᠂ ᠤᠯᠤᠰ ᠤᠨ  ᠨᠢᠭᠡᠳᠦᠯᠳᠡᠢ ᠬᠠᠥᠯᠢ ᠴᠠᠭᠠᠵᠠ  ᠶᠢᠨ ᠰᠢᠯᠭᠠᠯᠳᠠ ᠪᠠᠷ  ᠲᠠᠮᠵᠢᠨ ᠭᠢᠷᠢ ᠭᠡᠮ ᠤᠯᠤᠭᠰᠠᠨ ᠬᠦᠮᠦᠨ ᠤ ᠲᠤᠳᠤᠷ᠎ᠠ  ᠠᠴᠠ ᠢᠯᠨ ᠪᠠᠷ ᠰᠢᠯᠢᠨ ᠲᠡᠪᠰᠢᠬᠦᠯᠵᠦ  ᠪᠤᠯᠤᠨ᠎ᠠ᠃                        ᠲᠦᠴᠢᠨ ᠵᠢᠷᠭᠤᠳᠤᠭᠠᠷ ᠵᠦᠢᠯ     ᠠᠯᠪᠠᠳᠠᠨ ᠢ ᠤᠳᠤᠷᠢᠳᠤᠯᠭ᠎ᠠ ᠶᠢᠨ ᠲᠤᠰᠢᠶᠠᠯ ᠳᠤ ᠲᠡᠪᠰᠢᠬᠦᠯᠬᠦ ᠳᠤ  ᠬᠠᠮᠢᠶ᠎ᠠ ᠪᠦᠬᠦᠢ ᠲᠤᠭᠳᠠᠭᠠᠯ ᠶᠤᠰᠤᠭᠠᠷ ᠲᠤᠰᠢᠶᠠᠯ ᠳᠤ ᠲᠤᠮᠢᠯᠠᠬᠤ ᠠᠴᠠ ᠡᠮᠦᠨ᠎ᠡ ᠵᠠᠷᠯᠠᠨ ᠨᠡᠶᠢᠳᠡᠯᠡᠬᠦ ᠲᠦᠷᠢᠮ ᠪᠠ  ᠲᠤᠰᠢᠶᠠᠯ ᠳᠤ ᠲᠤᠮᠢᠯᠠᠬᠤ ᠳᠤ ᠲᠤᠷᠰᠢᠨ ᠭᠡᠷᠡᠭᠯᠡᠬᠦ ᠬᠤᠭᠤᠴᠠᠭᠠᠳᠤ ᠲᠦᠷᠢᠮ ᠢ ᠭᠡᠷᠡᠭᠵᠢᠬᠦᠯᠦᠨ᠎ᠡ᠃                      ᠲᠦᠴᠢᠨ ᠲᠤᠯᠤᠳᠤᠭᠠᠷ ᠵᠦᠢᠯ     ᠠᠯᠪᠠᠳᠠᠨ ᠨᠢ ᠲᠤᠭᠳᠠᠭᠰᠠᠨ ᠬᠤᠭᠤᠴᠠᠭᠠᠨ ᠤ ᠬᠢᠨᠠᠨ ᠰᠢᠯᠭᠠᠯᠳᠠ ᠳᠤ  ᠲᠤᠰᠢᠶᠠᠯ ᠳᠠᠭᠠᠨ ᠦᠯᠦ ᠲᠤᠬᠢᠷᠠᠨ᠎ᠠ ᠭᠡᠵᠦ ᠲᠤᠭᠳᠠᠭᠠᠭᠳᠠᠭᠰᠠᠨ ᠪᠠᠶᠢᠪᠠᠯ ᠲᠤᠭᠳᠠᠭᠰᠠᠨ ᠵᠢᠷᠤᠮ ᠶᠤᠰᠤᠭᠠᠷ ᠨᠢᠭᠡ  ᠲᠤᠰᠢᠶᠠᠯ ᠤᠨ ᠲᠡᠰ ᠲᠠᠪᠬᠤᠷᠭ᠎ᠠ ᠪᠠᠭᠤᠷᠠᠭᠤᠯᠤᠨ ᠲᠤᠰᠢᠶᠠᠯ ᠬᠠᠷᠢᠭᠤᠴᠠᠭᠤᠯᠤᠨ᠎ᠠ᠃                                                ᠨᠠᠢᠮᠠᠳᠤᠭᠠᠷ ᠪᠦᠯᠦᠭ     ᠱᠠᠩᠨᠠᠬᠤ                        ᠲᠦᠴᠢᠨ ᠨᠠᠢᠮᠠᠳᠤᠭᠠᠷ ᠵᠦᠢᠯ     ᠠᠵᠢᠯ ᠳᠠᠭᠠᠨ ᠲᠤᠪᠤᠶᠢᠮ᠎ᠠ ᠢᠯᠡᠷᠡᠯ ᠲᠠᠢ᠂ ᠢᠯᠡᠥᠨᠳᠡ ᠠᠮᠵᠢᠯᠳᠠ  ᠪᠦᠳᠦᠮᠵᠢ ᠪᠠ ᠬᠤᠪᠢ ᠨᠡᠮᠡᠷᠢ ᠭᠠᠷᠭᠠᠭᠰᠠᠨ ᠪᠤᠶᠤ ᠡᠰᠡᠬᠦᠯ᠎ᠡ ᠪᠤᠰᠤᠤᠨ ᠲᠤᠪᠤᠶᠢᠮ᠎ᠠ ᠦᠢᠯᠨ ᠠᠵᠢᠯᠯᠠᠭ᠎ᠠ ᠲᠠᠢ  ᠠᠯᠪᠠᠳᠠᠨ ᠪᠤᠶᠤ ᠠᠯᠪᠠᠳᠠᠨ ᠤ ᠬᠠᠮᠳᠤ ᠨᠡᠶᠢᠳᠡ ᠶᠢ ᠱᠠᠩᠨᠠᠨ᠎ᠠ᠃ ᠱᠠᠩᠨᠠᠬᠤ ᠳᠠᠭᠠᠨ ᠤᠶᠤᠨ ᠤ ᠱᠠᠩᠨᠠᠯ ᠪᠠ  ᠪᠤᠳᠠᠰ ᠤᠨ ᠱᠠᠩᠨᠠᠯ ᠢ ᠬᠠᠷᠢᠯᠴᠠᠨ ᠤᠶᠠᠯᠳᠤᠭᠤᠯᠵᠤ ᠤᠶᠤᠨ ᠤ ᠱᠠᠩᠨᠠᠯ ᠢᠶᠠᠷ ᠭᠤᠤᠯ ᠪᠤᠯᠭᠠᠬᠤ ᠵᠠᠷᠴᠢᠮ ᠢ  ᠪᠠᠷᠢᠮᠳᠠᠯᠠᠨ᠎ᠠ᠃ ᠠᠯᠪᠠᠳᠠᠨ ᠤ  ᠬᠠᠮᠳᠤ ᠨᠡᠶᠢᠳᠡ  ᠶᠢ ᠱᠠᠩᠨᠠᠬᠤ ᠨᠢ ᠤᠷᠤᠨ ᠲᠤᠭ᠎ᠠ ᠶᠢᠨ ᠲᠠᠷᠠᠭᠠᠯᠠᠯ ᠢᠶᠠᠷ  ᠪᠠᠶᠢᠷᠢᠯᠠᠭᠤᠯᠤᠭᠰᠠᠨ  ᠪᠠᠶᠢᠭᠤᠯᠤᠮᠵᠢ ᠡᠰᠡᠬᠦᠯ᠎ᠡ  ᠲᠤᠰᠬᠠᠢ ᠡᠭᠦᠷᠭᠡ ᠶᠢ ᠪᠡᠶᠡᠯᠡᠬᠦᠯᠬᠦ ᠪᠠᠷ ᠪᠦᠷᠢᠯᠳᠦᠭᠰᠡᠨ ᠠᠵᠢᠯ ᠤᠨ  ᠬᠠᠮᠳᠤ ᠨᠡᠶᠢᠳᠡ ᠳᠤ  ᠲᠤᠬᠢᠷᠠᠨ᠎ᠠ᠃                        ᠲᠦᠴᠢ ᠶᠢᠰᠦᠳᠦᠭᠡᠷ ᠵᠦᠢᠯ     ᠠᠯᠪᠠᠳᠠᠨ ᠪᠤᠶᠤ ᠠᠯᠪᠠᠳᠠᠨ ᠤ ᠬᠠᠮᠳᠤ ᠨᠡᠶᠢᠳᠡ ᠳᠤ ᠲᠤᠤᠷ᠎ᠠ  ᠲᠤᠷᠠᠳᠤᠭᠰᠠᠨ ᠢᠯᠡᠷᠡᠯ ᠤᠨ ᠨᠢᠭᠡ ᠨᠢ ᠪᠠᠶᠢᠪᠠᠯ ᠱᠠᠩᠨᠠᠬᠤ ᠭᠡᠷᠡᠭᠳᠡᠢ᠄ ︵ᠨᠢᠭᠡ︶ ᠡᠭᠦᠷᠭᠡ ᠲᠤᠰᠢᠶᠠᠯ ᠳᠠᠭᠠᠨ  ᠰᠢᠳᠤᠷᠭᠤ ᠪᠠᠶᠢᠵᠤ᠂ ᠢᠳᠡᠪᠬᠢᠳᠡᠢ ᠠᠵᠢᠯᠯᠠᠨ᠂ ᠢᠯᠡᠥᠨᠳᠡ ᠠᠮᠵᠢᠯᠳᠠ  ᠪᠦᠳᠦᠭᠡᠯ ᠭᠠᠷᠭᠠᠭᠰᠠᠨ︔ ︵ᠬᠤᠶᠠᠷ︶  ᠰᠠᠬᠢᠯᠭ᠎ᠠ ᠪᠠᠳᠤ ᠶᠢ  ᠰᠠᠬᠢᠵᠤ᠂ ᠠᠷᠢᠭᠤᠨ ᠴᠢᠬᠡᠴᠢ ᠪᠠᠷ ᠤᠯᠨᠨ ᠤ ᠲᠦᠯᠦᠭᠡ ᠵᠢᠥᠨᠬᠦᠵᠦ᠂ ᠦᠨᠡᠨ  ᠴᠢᠬᠡᠴᠢ  ᠤᠪᠤᠷ ᠰᠤᠷᠳᠠᠯ ᠲᠠᠢ ᠪᠠᠶᠢᠵᠤ᠂ ᠲᠦᠪ ᠭᠤᠤᠯᠴᠢ ᠪᠠᠷ ᠠᠵᠢᠯᠯᠠᠨ᠂ ᠵᠢᠱᠢᠶᠡᠴᠢ ᠦᠢᠯᠡᠳᠦᠯ ᠨᠢ ᠲᠤᠪᠤᠶᠢᠮ᠎ᠠ   ᠪᠠᠶᠢᠬᠤ︔ ︵ᠭᠤᠷᠪᠠ︶ ᠠᠵᠢᠯ ᠲᠡᠭᠡᠷ᠎ᠡ ᠪᠠᠨ ᠡᠭᠦᠳᠦᠯᠳᠡ ᠪᠦᠳᠦᠭᠡᠯᠳᠡ ᠲᠠᠢ ᠪᠤᠶᠤ ᠵᠦᠢ ᠵᠤᠬᠢᠰᠳᠠᠢ ᠰᠠᠨᠠᠭᠤᠯᠭ᠎ᠠ   ᠲᠤᠷᠠᠥᠨᠴᠤ ᠢᠯᠡᠥᠨᠳᠡ ᠠᠵᠤ ᠠᠬᠤᠢ  ᠶᠢᠨ ᠦᠷ᠎ᠡ ᠠᠰᠢᠭ ᠪᠠ ᠨᠡᠶᠢᠭᠡᠮ ᠤᠨ ᠦᠷ᠎ᠡ ᠠᠰᠢᠭ ᠤᠯᠭᠤᠭᠰᠠᠨ︔  ︵  ᠲᠦᠷᠪᠡ︶ ᠦᠨᠳᠦᠰᠦᠳᠡᠨ ᠤ  ᠪᠦᠯᠬᠦᠮᠳᠡᠯ ᠢ ᠴᠢᠩᠭᠠᠥᠨᠬᠠᠨ᠂ ᠨᠡᠶᠢᠭᠡᠮ ᠤᠨ ᠲᠤᠭᠳᠠᠭᠤᠨ ᠢ ᠬᠠᠮᠠᠭᠠᠯᠠᠬᠤ ᠶᠢᠨ   ᠲᠦᠯᠦᠭᠡ ᠲᠤᠪᠤᠶᠢᠮ᠎ᠠ ᠬᠤᠪᠢ ᠨᠡᠮᠡᠷᠢ  ᠦᠵᠡᠬᠦᠯᠦᠭᠰᠡᠨ︔ ︵ᠲᠠᠪᠤ︶ ᠨᠡᠶᠢᠳᠡ ᠶᠢᠨ ᠡᠳ᠋ ᠬᠦᠷᠦᠩᠭᠡ ᠶᠢ  ᠬᠠᠶᠢᠷᠠᠯᠠᠨ᠂ ᠤᠯᠤᠰ ᠤᠨ ᠡᠳ᠋ ᠮᠦᠡᠭᠭᠦ ᠶᠢ  ᠠᠷᠪᠢᠯᠠᠨ ᠭᠠᠮᠨᠠᠭᠠᠥᠨ  ᠲᠤᠪᠤᠶᠢᠮ᠎ᠠ ᠠᠮᠵᠢᠯᠳᠠ ᠪᠦᠳᠦᠭᠡᠯ ᠭᠠᠷᠭᠠᠭᠰᠠᠨ  ︔ ︵ᠵᠢᠷᠭᠤᠭ᠎ᠠ︶ ᠠᠳᠡᠯ ᠢ ᠰᠡᠷᠭᠡᠶᠢᠯᠡᠭᠰᠡᠨ  ᠪᠤᠶᠤ ᠠᠳᠡᠯ ᠠᠴᠠ ᠠᠪᠤᠷᠠᠭᠰᠠᠨ ᠭᠠᠪᠢᠶ᠎ᠠ ᠪᠠᠶᠢᠭᠤᠯᠤᠭᠠᠥᠨ ᠤᠯᠤᠰ   ᠪᠤᠯᠤᠨ ᠠᠷᠠᠥᠨ ᠲᠦᠮᠡᠨ ᠤ ᠠᠰᠢᠭ ᠲᠤᠰᠠ  ᠶᠢ  ᠬᠤᠬᠢᠷᠠᠯ ᠠᠴᠠ ᠵᠠᠶᠢᠯᠠᠭᠤᠯᠤᠭᠰᠠᠨ ᠪᠤᠶᠤ ᠬᠤᠬᠢᠷᠠᠯ ᠢ ᠨᠢ  ᠪᠠᠭᠠᠰᠬᠠᠭᠰᠠᠨ︔  ︵ᠲᠤᠯᠤᠭ᠎ᠠ︶ ᠠᠶᠤᠯ ᠠᠴᠠ ᠠᠪᠤᠷᠠᠨ ᠂ ᠭᠠᠮᠰᠢᠭ ᠠᠴᠠ ᠠᠪᠤᠷᠠᠬᠤ ᠵᠡᠷᠭᠡ ᠤᠨᠴᠠᠭᠠᠢ ᠪᠠᠶᠢᠳᠠᠯ  ᠲᠤᠤᠷ᠎ᠠ ᠠᠮᠢ  ᠪᠡᠶ᠎ᠡ ᠪᠠᠨ ᠬᠠᠶᠢᠬᠤᠷᠤᠯ ᠦᠭᠡᠢ ᠲᠡᠮᠡᠴᠡᠵᠦ ᠬᠤᠪᠢ  ᠨᠡᠮᠡᠷᠢ ᠦᠵᠡᠬᠦᠯᠦᠭᠰᠡᠨ︔ ︵ᠨᠠᠢᠮᠨ︶ ᠬᠠᠥᠯᠢ  ᠰᠠᠬᠢᠯᠭ᠎ᠠ ᠶᠢ ᠵᠦᠷᠢᠴᠡᠭᠰᠡᠨ ᠠᠵᠢᠯᠯᠠᠭ᠎ᠠ ᠲᠠᠢ ᠲᠡᠮᠡᠴᠡᠯ ᠶᠠᠪᠤᠭᠤᠯᠵᠤ  ᠭᠠᠪᠢᠶ᠎ᠠ ᠵᠢᠥᠨᠭᠦᠯ  ᠭᠠᠷᠭᠠᠭᠰᠠᠨ︔ ︵ᠶᠢᠰᠦ ︶ ᠭᠠᠳᠠᠭᠠᠳᠤ ᠶᠢᠨ ᠬᠢᠨ ᠲᠠᠢ ᠬᠠᠷᠢᠯᠴᠠᠬᠤ ᠲᠤᠮᠳᠠ ᠤᠯᠤᠰ  ᠤᠷᠤᠨ ᠳᠠᠭᠠᠨ ᠢᠷᠠᠭᠤ ᠠᠯᠳᠠᠷ ᠠᠰᠢᠭ  ᠲᠤᠰᠠ  ᠤᠯᠭᠤᠵᠤ ᠦᠭᠬᠦᠭᠰᠡᠨ︔  ︵ᠠᠷᠪᠠ︶ ᠤᠨᠳᠤᠤ ᠲᠤᠪᠤᠶᠢᠮ᠎ᠠ  ᠭᠠᠪᠢᠶ᠎ᠠ ᠵᠢᠥᠨᠭᠦᠯ ᠭᠠᠷᠭᠠᠭᠰᠠᠨ᠃                         ᠲᠠᠪᠢᠳᠤᠭᠠᠷ ᠵᠦᠢᠯ     ᠱᠠᠩᠨᠠᠯ ᠢ ᠰᠠᠶᠢᠰᠢᠶᠠᠬᠤ᠂ ᠭᠤᠷᠪᠠᠳᠤᠭᠠᠷ ᠲᠡᠰ ᠤᠨ ᠭᠠᠪᠢᠶ᠎ᠠ ᠲᠡᠮᠳᠡᠭᠯᠡᠬᠦ᠂  ᠬᠤᠶᠠᠳᠤᠭᠠᠷ ᠲᠡᠰ ᠤᠨ ᠭᠠᠪᠢᠶ᠎ᠠ ᠲᠡᠮᠳᠡᠭᠯᠡᠬᠦ᠂ ᠨᠢᠭᠡᠳᠦᠭᠡᠷ ᠲᠡᠰ ᠤᠨ ᠭᠠᠪᠢᠶ᠎ᠠ ᠲᠡᠮᠳᠡᠭᠯᠡᠬᠦ᠂ ᠢᠷᠠᠭᠤ ᠠᠯᠳᠠᠷ ᠤᠨ  ᠴᠤᠯᠨ ᠤᠯᠭᠤᠬᠤ ᠭᠡᠵᠦ ᠬᠤᠪᠢᠶᠠᠨ᠎ᠠ᠃ ᠱᠠᠩᠨᠠᠯ ᠬᠦᠷᠳᠡᠭᠰᠡᠨ ᠠᠯᠪᠠᠳᠠᠨ ᠪᠠ ᠠᠯᠪᠠᠳᠠᠨ ᠤ ᠬᠠᠮᠳᠤ ᠨᠡᠶᠢᠳᠡ ᠶᠢ  ᠬᠦᠬᠢᠬᠦᠯᠦᠨ ᠰᠠᠶᠢᠰᠢᠶᠠᠬᠤ ᠶᠢᠨ ᠬᠠᠮᠳᠤ ᠨᠢᠭᠡ ᠤᠳᠠᠭᠠᠨ ᠤ ᠴᠢᠨᠠᠷ ᠲᠠᠢ ᠱᠠᠩᠨᠠᠯ ᠤᠨ ᠮᠦᠡᠭᠭᠦ ᠦᠭᠬᠦ ᠪᠤᠶᠤ  ᠪᠤᠰᠤᠤᠨ ᠤᠯᠭᠤᠮᠵᠢ ᠬᠦᠷᠳᠡᠭᠡᠨ᠎ᠡ᠃                       ᠲᠠᠪᠢᠨ ᠨᠢᠭᠡᠳᠦᠭᠡᠷ ᠵᠦᠢᠯ     ᠠᠯᠪᠠᠳᠠᠨ ᠪᠤᠶᠤ ᠠᠯᠪᠠᠳᠠᠨ ᠤ ᠬᠠᠮᠳᠤ ᠨᠡᠶᠢᠳᠡ ᠶᠢ ᠱᠠᠩᠨᠠᠬᠤ ᠳᠤ  ᠲᠤᠭᠳᠠᠭᠰᠠᠨ ᠡᠷᠭᠡ ᠮᠡᠳᠡᠯ ᠤᠨ ᠭᠡᠪᠴᠢᠶ᠎ᠡ ᠪᠠ ᠵᠢᠷᠤᠮ ᠶᠤᠰᠤᠭᠠᠷ ᠲᠤᠭᠳᠠᠭᠠᠯ ᠭᠠᠷᠭᠠᠬᠤ ᠪᠤᠶᠤ ᠬᠢᠨᠠᠨ  ᠵᠦᠪᠰᠢᠶᠡᠷᠡᠬᠦᠯᠦᠨ᠎ᠡ᠃                         ᠲᠠᠪᠢᠨ ᠬᠤᠶᠠᠳᠤᠭᠠᠷ ᠵᠦᠢᠯ     ᠠᠯᠪᠠᠳᠠᠨ ᠪᠤᠶᠤ ᠠᠯᠪᠠᠳᠠᠨ ᠤ ᠬᠠᠮᠳᠤ ᠨᠡᠶᠢᠳᠡ ᠲᠤᠤᠷᠠᠬᠢ ᠪᠠᠶᠢᠳᠠᠯ ᠤᠨ  ᠨᠢᠭᠡ ᠨᠢ ᠪᠠᠶᠢᠪᠠᠯ ᠱᠠᠩᠨᠠᠯ ᠢ ᠨᠢ ᠬᠦᠴᠦᠨ ᠦᠭᠡᠢ ᠪᠤᠯᠭᠠᠨ᠎ᠠ᠄ ︵ᠨᠢᠭᠡ︶ ᠤᠷᠤ ᠦᠭᠡᠢ ᠭᠠᠵᠠᠷ ᠤᠪᠤᠭ᠎ᠠ  ᠪᠤᠰᠬᠠᠵᠤ᠂ ᠱᠠᠩᠨᠠᠯ  ᠬᠦᠬᠢᠬᠦᠯᠦᠯ ᠢ ᠮᠡᠭᠡᠯᠡᠨ ᠠᠪᠤᠭᠰᠠᠨ︔ ︵ᠬᠤᠶᠠᠷ︶ ᠱᠠᠩᠨᠠᠯ ᠬᠦᠬᠢᠬᠦᠯᠦᠯ ᠢ ᠭᠤᠶᠤᠴᠢᠯᠠᠨ  ᠮᠡᠳᠡᠬᠦᠯᠬᠦ ᠳᠡᠭᠡᠨ ᠬᠦᠨᠳᠦ  ᠨᠤᠴᠢᠳᠠᠢ ᠠᠯᠳᠠᠭ᠎ᠠ ᠪᠤᠷᠤᠭᠤ ᠪᠠᠨ  ᠨᠢᠭᠤᠨ ᠲᠠᠯᠳᠠᠯᠠᠭᠰᠠᠨ ᠪᠤᠶᠤ ᠲᠤᠭᠳᠠᠭᠰᠠᠨ  ᠵᠢᠷᠤᠮ ᠢ ᠬᠦᠨᠳᠦ ᠨᠤᠴᠢᠳᠠᠢ ᠵᠦᠷᠢᠴᠡᠭᠰᠡᠨ︔ ︵ᠭᠤᠷᠪᠠ︶ ᠬᠠᠥᠯᠢ ᠲᠦᠷᠢᠮ ᠬᠠᠥᠯᠢ ᠲᠤᠭᠳᠠᠭᠠᠯ ᠳᠤ  ᠲᠤᠭᠳᠠᠭᠠᠭᠰᠠᠨ ᠵᠠᠪᠠᠯ ᠱᠠᠩᠨᠠᠯ ᠢ ᠨᠢ  ᠬᠦᠴᠦᠨ ᠦᠭᠡᠢ  ᠪᠤᠯᠭᠠᠬᠤ ᠪᠤᠰᠤᠤᠨ ᠪᠠᠶᠢᠳᠠᠯ  ᠲᠠᠢ ᠪᠠᠶᠢᠬᠤ᠃       
ᠢᠷᠡᠯᠲᠡ᠄ ᠠᠷᠤ ᠬᠤᠷᠴᠢᠨ ᠬᠤᠰᠢᠭᠤᠨ ᠵᠠᠰᠠᠭ ᠤᠨ ᠣᠷᠳᠤᠨ ᠤ ᠮᠤᠩᠭᠤᠯ ᠰᠦᠯᠵᠢᠶ᠎ᠡ