ᠠᠯᠪᠠᠲᠠᠨ ᠤ ᠬᠠᠥᠯᠢ ︵ᠳᠦᠷᠪᠡ︶
ᠨᠡᠶᠢᠲᠡᠯᠡᠭᠰᠡᠨ ᠴᠠᠭ᠄
2022/9/14
                 ᠲᠠᠪᠤᠳᠤᠭᠠᠷ ᠪᠦᠯᠦᠭ  ᠬᠢᠨᠠᠨ ᠰᠢᠯᠭᠠᠬᠤ                         ᠭᠤᠴᠢᠨ ᠭᠤᠷᠪᠠᠳᠤᠭᠠᠷ ᠵᠦᠢᠯ     ᠠᠯᠪᠠᠳᠠᠨ ᠢ ᠬᠢᠨᠠᠨ ᠰᠢᠯᠭᠠᠬᠤ ᠳᠠᠭᠠᠨ ᠬᠠᠮᠢᠶᠠᠷᠤᠯᠳᠠ ᠶᠢᠨ ᠡᠷᠭᠡ  ᠮᠡᠳᠡᠯ ᠤᠨ ᠭᠡᠪᠴᠢᠶ᠎ᠡ ᠶᠤᠰᠤᠭᠠᠷ ᠠᠯᠪᠠᠳᠠᠨ ᠤ ᠤᠬᠠᠮᠰᠠᠷ᠂ ᠴᠢᠳᠠᠪᠤᠷᠢ᠂ ᠴᠢᠷᠮᠠᠶᠢᠯᠠᠭ᠎ᠠ᠂ ᠠᠮᠵᠢᠯᠳᠠ᠂ ᠠᠷᠢᠭᠤᠨ   ᠴᠢᠭᠡᠴᠢ ᠶᠢ ᠪᠦᠬᠦ ᠲᠠᠯ᠎ᠠ ᠪᠠᠷ ᠬᠢᠨᠠᠨ ᠰᠢᠯᠭᠠᠵᠤ᠂ ᠠᠵᠢᠯ ᠤᠨ ᠪᠤᠳᠠᠳᠤ ᠠᠮᠵᠢᠯᠳᠠ ᠶᠢ ᠭᠤᠤᠯᠳᠠᠯᠭ᠎ᠠ ᠲᠠᠢ ᠬᠢᠨᠠᠨ  ᠰᠢᠯᠭᠠᠨ᠎ᠠ᠃                         ᠭᠤᠴᠢᠨ ᠲᠦᠷᠪᠡᠳᠦᠭᠡᠷ ᠵᠦᠢᠯ     ᠠᠯᠪᠠᠳᠠᠨ ᠤ ᠬᠢᠨᠠᠨ ᠰᠢᠯᠭᠠᠯᠳᠠ ᠶᠢ ᠡᠩ ᠤᠨ ᠦᠶ᠎ᠡ ᠶᠢᠨ ᠬᠢᠨᠠᠨ  ᠰᠢᠯᠭᠠᠯᠳᠠ ᠪᠠ ᠲᠤᠭᠳᠠᠭᠰᠠᠨ ᠬᠤᠭᠤᠴᠠᠭ᠎ᠠ ᠲᠠᠢ ᠬᠢᠨᠠᠨ ᠰᠢᠯᠭᠠᠯᠳᠠ ᠬᠡᠵᠦ ᠬᠤᠪᠢᠶᠠᠨ᠎ᠠ᠃ ᠲᠤᠭᠳᠠᠭᠰᠠᠨ  ᠬᠤᠭᠤᠴᠠᠭ᠎ᠠ ᠲᠠᠢ ᠬᠢᠨᠠᠨ ᠰᠢᠯᠭᠠᠯᠳᠠ ᠨᠢ ᠡᠩ ᠤᠨ ᠦᠶ᠎ᠡ ᠶᠢᠨ ᠬᠢᠨᠠᠨ ᠰᠢᠯᠭᠠᠯᠳᠠ ᠪᠠᠷ ᠰᠠᠭᠤᠷᠢ ᠪᠤᠯᠭᠠᠨ᠎ᠠ᠃            ᠭᠤᠴᠢᠨ ᠲᠠᠪᠤᠳᠤᠭᠠᠷ ᠵᠦᠢᠯ     ᠤᠳᠤᠷᠢᠥᠨᠬᠤ ᠪᠦᠷᠢᠯᠳᠦᠬᠦᠨ ᠪᠤᠰᠤ ᠠᠯᠪᠠᠳᠠᠨ ᠤ ᠲᠤᠭᠳᠠᠭᠰᠠᠨ  ᠬᠤᠭᠤᠴᠠᠭ᠎ᠠ ᠲᠠᠢ ᠬᠢᠨᠠᠨ ᠰᠢᠯᠭᠠᠯᠳᠠ ᠳᠤ ᠤᠨ ᠤ ᠬᠢᠨᠠᠨ ᠰᠢᠯᠭᠠᠯᠳᠠ ᠶᠢᠨ ᠠᠷᠭ᠎ᠠ ᠶᠢ ᠭᠡᠷᠡᠭᠯᠡᠨ᠎ᠡ᠂ ᠤᠷᠢᠳᠠᠪᠠᠷ  ᠬᠤᠪᠢ ᠬᠦᠮᠦᠨ ᠦᠪᠡᠷ ᠤᠨ ᠲᠤᠰᠢᠶᠠᠯ ᠤᠨ ᠪᠠᠶᠢᠷᠢ ᠶᠢᠨ ᠡᠭᠦᠷᠭᠡ ᠬᠠᠷᠢᠭᠤᠴᠠᠯᠭ᠎ᠠ ᠪᠠ ᠬᠠᠮᠢᠶ᠎ᠠ ᠪᠦᠬᠦᠢ  ᠱᠠᠭᠠᠷᠳᠠᠯᠭ᠎ᠠ ᠪᠠᠷ ᠳ᠋ᠥᠩᠨᠡᠯᠳᠡ ᠬᠢᠵᠦ᠂ ᠭᠤᠤᠯᠯᠠᠨ ᠬᠠᠮᠢᠶᠠᠷᠬᠤ ᠤᠳᠤᠷᠢᠳᠤᠯᠭ᠎ᠠ ᠨᠢ ᠤᠯᠠᠨ ᠲᠦᠮᠡᠨ ᠤ ᠰᠠᠨᠠᠯ ᠢ  ᠰᠤᠨᠤᠰᠤᠭᠰᠠᠨ ᠰᠠᠭᠤᠷᠢ ᠲᠡᠭᠡᠷ᠎ᠡ᠂ ᠬᠢᠨᠠᠨ ᠰᠢᠯᠭᠠᠭᠰᠠᠨ ᠲᠡᠰ ᠲᠤᠭᠳᠠᠭᠠᠬᠤ ᠰᠠᠨᠠᠯ ᠲᠤᠷᠠᠥᠨᠴᠤ᠂ ᠲᠤᠰ  ᠪᠠᠶᠢᠭᠤᠯᠭ᠎ᠠ ᠶᠢᠨ ᠬᠠᠷᠢᠭᠤᠴᠠᠯᠭᠠᠳᠠᠨ ᠪᠤᠶᠤ ᠡᠷᠭᠡ ᠤᠯᠭᠤᠭᠰᠠᠨ ᠬᠢᠨᠠᠨ ᠰᠢᠯᠭᠠᠬᠤ ᠺᠤᠮᠢᠰ ᠬᠢᠨᠠᠨ ᠰᠢᠯᠭᠠᠭᠰᠠᠨ  ᠲᠡᠰ ᠢ ᠲᠤᠭᠳᠠᠭᠠᠨ᠎ᠠ᠃ ᠤᠳᠤᠷᠢᠥᠨᠬᠤ ᠪᠦᠷᠢᠯᠳᠦᠬᠦᠨ ᠤ ᠲᠤᠭᠳᠠᠭᠰᠠᠨ ᠬᠤᠭᠤᠴᠠᠭ᠎ᠠ ᠲᠠᠢ ᠬᠢᠨᠠᠨ ᠰᠢᠯᠭᠠᠯᠳᠠ ᠶᠢ  ᠭᠤᠤᠯᠯᠠᠨ ᠬᠠᠮᠢᠶᠠᠷᠬᠤ  ᠪᠠᠶᠢᠭᠤᠯᠭ᠎ᠠ ᠬᠤᠯᠪᠤᠭᠳᠠᠯ ᠪᠦᠬᠦᠢ ᠲᠤᠭᠳᠠᠭᠠᠯ ᠢᠶᠠᠷ ᠶᠠᠪᠤᠭᠳᠠᠭᠤᠯᠤᠨ᠎ᠠ᠃                       ᠭᠤᠴᠢᠨ ᠵᠢᠷᠭᠤᠳᠤᠭᠠᠷ ᠵᠦᠢᠯ     ᠲᠤᠭᠳᠠᠭᠰᠠᠨ ᠬᠤᠭᠤᠴᠠᠭ᠎ᠠ ᠲᠠᠢ ᠬᠢᠨᠠᠨ ᠰᠢᠯᠭᠠᠯᠳᠠ ᠶᠢᠨ ᠦᠷ᠎ᠡ  ᠳ᠋ᠥᠩ ᠢ ᠰᠢᠯᠢᠳᠡᠭ᠂ ᠲᠤᠰᠢᠶᠠᠯ ᠳᠠᠭᠠᠨ ᠲᠡᠩᠴᠡᠬᠦ᠂ ᠲᠤᠰᠢᠶᠠᠯ ᠳᠠᠭᠠᠨ ᠦᠨᠳᠦᠰᠦᠨ ᠳᠡᠭᠡᠨ ᠲᠡᠩᠴᠡᠬᠦ᠂  ᠲᠤᠰᠢᠶᠠᠯ ᠳᠠᠭᠠᠨ ᠦᠯᠦ ᠲᠡᠩᠴᠡᠬᠦ ᠲᠦᠷᠪᠡᠨ ᠲᠡᠰ ᠬᠤᠪᠢᠶᠠᠨ᠎ᠠ᠃ ᠲᠤᠭᠳᠠᠭᠰᠠᠨ ᠬᠤᠭᠤᠴᠠᠭ᠎ᠠ ᠲᠠᠢ ᠬᠢᠨᠠᠨ  ᠰᠢᠯᠭᠠᠭᠰᠠᠨ ᠦᠷ᠎ᠡ ᠳ᠋ᠥᠩ ᠢ ᠠᠯᠪᠠᠳᠠᠨ ᠲᠤᠰ ᠬᠦᠮᠦᠨ ᠳᠤᠨᠢ ᠪᠢᠴᠢᠭ ᠢᠶᠠᠷ ᠮᠡᠳᠡᠭᠳᠡᠬᠦ ᠭᠡᠷᠡᠭᠳᠡᠢ᠃                        ᠭᠤᠴᠢᠨ ᠲᠤᠯᠤᠳᠤᠭᠠᠷ ᠵᠦᠢᠯ     ᠲᠤᠭᠳᠠᠭᠰᠠᠨ ᠬᠤᠭᠤᠴᠠᠭ᠎ᠠ ᠲᠠᠢ ᠬᠢᠨᠠᠨ ᠰᠢᠯᠭᠠᠭᠰᠠᠠ ᠦᠷ᠎ᠡ ᠳ᠋ᠥᠩ  ᠢᠶᠠᠷ ᠨᠢ ᠠᠯᠪᠠᠳᠠᠨ ᠤ ᠲᠤᠰᠢᠶᠠᠯ᠂ ᠲᠡᠰ᠂ ᠴᠠᠯᠢᠩ ᠳᠤ ᠲᠤᠬᠢᠷᠠᠭᠤᠯᠤᠯᠳᠠ ᠬᠢᠬᠦ ᠵᠢᠴᠢ ᠠᠯᠪᠠᠳᠠᠨ ᠢ ᠱᠠᠩᠨᠠᠬᠤ᠂   ᠪᠤᠯᠪᠠᠰᠤᠷᠠᠭᠤᠯᠬᠤ ᠂ ᠠᠵᠢᠯ ᠠᠴᠠ ᠨᠢ ᠵᠤᠭᠰᠤᠭᠠᠬᠤ ᠶᠢᠨ ᠦᠨᠳᠦᠰᠦ ᠪᠠᠷᠢᠮᠳᠠ ᠪᠤᠯᠭᠠᠨ᠎ᠠ ᠃                                                    ᠵᠢᠷᠭᠤᠳᠤᠭᠠᠷ ᠪᠦᠯᠦᠭ  ᠲᠤᠰᠢᠶᠠᠯ ᠲᠤᠮᠢᠯᠠᠬᠤ ᠪᠠᠭᠤᠯᠭᠠᠬᠤ                        ᠭᠤᠴᠢᠨ ᠨᠠᠢᠮᠠᠳᠤᠭᠠᠷ ᠵᠦᠢᠯ     ᠠᠯᠪᠠᠳᠠᠨ ᠤ ᠲᠤᠰᠢᠶᠠᠯ ᠳᠤ ᠰᠤᠩᠭᠤᠨ ᠲᠤᠮᠢᠯᠠᠬᠤ ᠲᠦᠷᠢᠮ ᠪᠤᠯᠤᠨ  ᠲᠤᠮᠢᠯᠠᠯᠳᠠ ᠶᠢᠨ ᠲᠦᠷᠢᠮ ᠢ ᠭᠡᠷᠡᠭᠵᠢᠬᠦᠯᠦᠨ᠎ᠡ᠃ ᠤᠳᠤᠷᠢᠥᠨᠬᠤ ᠪᠦᠷᠢᠯᠳᠦᠬᠦᠨ ᠤ ᠲᠤᠰᠢᠶᠠᠯ ᠳᠤ ᠤᠯᠤᠰ ᠤᠨ  ᠲᠤᠭᠳᠠᠭᠠᠯ  ᠶᠤᠰᠤᠭᠠᠷ ᠬᠤᠭᠤᠴᠠᠭᠠᠳᠤ ᠲᠤᠮᠢᠯᠠᠬᠤ  ᠲᠦᠷᠢᠮ ᠢ ᠭᠡᠷᠡᠭᠵᠢᠬᠦᠯᠦᠨ᠎ᠡ᠃                         ᠭᠤᠴᠢ ᠶᠢᠰᠦᠳᠦᠭᠡᠷ ᠵᠦᠢᠯ     ᠰᠤᠩᠭᠤᠨ ᠲᠤᠮᠢᠯᠠᠬᠤ ᠲᠦᠷᠢᠮᠳᠤ ᠠᠯᠪᠠᠳᠠᠨ ᠰᠤᠩᠭᠤᠭᠤᠯᠢ ᠶᠢᠨ  ᠦᠷ᠎ᠡ ᠳ᠋ᠥᠩ ᠬᠦᠴᠦᠨ ᠲᠠᠢ ᠪᠤᠯᠤᠮᠠᠭᠴᠠ ᠰᠤᠩᠭᠤᠭᠳᠠᠨ ᠭᠠᠷᠤᠭᠰᠠᠨ ᠲᠤᠰᠢᠶᠠᠯ ᠢ ᠬᠠᠷᠢᠭᠤᠴᠠᠨ᠎ᠠ︔  ᠲᠤᠰᠢᠶᠠᠯ ᠤᠨ ᠬᠤᠭᠤᠴᠠᠭ᠎ᠠ ᠲᠠᠭᠤᠰᠤᠭᠠᠥᠨ ᠦᠷᠬᠦᠯᠵᠢᠯᠡᠨ ᠲᠤᠮᠢᠯᠠᠬᠤ ᠦᠭᠡᠢ᠂ ᠡᠰᠡᠬᠦᠯ᠎ᠡ ᠲᠤᠰᠢᠶᠠᠯ ᠤᠨ  ᠬᠤᠭᠤᠴᠠᠭᠠᠨ ᠳᠠᠭᠠᠨ ᠲᠤᠰᠢᠶᠠᠯ ᠠᠴᠠ ᠪᠠᠭᠤᠬᠤ᠂ ᠲᠤᠰᠢᠶᠠᠯ ᠠᠴᠠ ᠪᠠᠨ ᠤᠭᠴᠠᠷᠠᠭᠤᠯᠤᠭᠳᠠᠬᠤ᠂ ᠲᠤᠰᠢᠶᠠᠯ ᠠᠴᠠ  ᠬᠠᠰᠤᠭᠳᠠᠬᠤ ᠦᠶᠡᠰ ᠡᠭᠦᠷᠭᠡᠯᠡᠵᠦ ᠪᠠᠶᠢᠭ᠎ᠠ ᠲᠤᠰᠢᠶᠠᠯ ᠢ ᠨᠢ ᠲᠠᠷᠤᠢ ᠳᠤᠨᠢ ᠡᠴᠦᠰᠯᠡᠬᠦᠯᠦᠨ᠎ᠡ᠃                        ᠲᠦᠴᠢᠳᠤᠭᠡᠷ ᠵᠦᠢᠯ     ᠲᠤᠮᠢᠯᠠᠬᠤ ᠲᠦᠷᠢᠮᠳᠤ ᠠᠯᠪᠠᠳᠠᠨ ᠤ ᠲᠤᠷᠰᠢᠨ ᠭᠡᠷᠡᠭᠯᠡᠬᠦ ᠬᠤᠭᠤᠴᠠᠭ᠎ᠠ ᠨᠢ  ᠬᠦᠢᠴᠡᠭᠡᠥᠨ ᠬᠢᠨᠠᠨ ᠰᠢᠯᠭᠠᠬᠤ ᠳᠤ ᠬᠢᠷᠢ ᠲᠡᠩᠴᠡᠭᠰᠡᠨ᠂ ᠲᠤᠰᠢᠶᠠᠯ ᠨᠢ ᠬᠤᠪᠢᠷᠠᠯᠳᠠ ᠭᠠᠷᠬᠤ᠂ ᠲᠠᠬᠢᠨ  ᠠᠯᠪᠠᠳᠠᠨ ᠤ ᠲᠤᠰᠢᠶᠠᠯ ᠢ ᠬᠠᠷᠢᠭᠤᠴᠠᠬᠤ ᠦᠭᠡᠢ ᠪᠤᠯᠬᠤ ᠵᠢᠴᠢ ᠲᠤᠰᠢᠶᠠᠯ ᠳᠤ ᠲᠤᠮᠢᠯᠠᠬᠤ ᠪᠤᠶᠤ ᠪᠠᠭᠤᠯᠭᠠᠬᠤ  ᠴᠢᠬᠤᠯᠨ ᠲᠠᠢ ᠪᠤᠰᠤᠤᠨ ᠪᠠᠶᠢᠳᠠᠯ ᠳᠤ ᠲᠤᠬᠢᠶᠠᠯᠳᠤᠬᠤ ᠦᠶᠡᠰ ᠵᠠᠪᠠᠯ ᠬᠠᠮᠢᠶᠠᠷᠤᠯᠳᠠ ᠶᠢᠨ ᠡᠷᠭᠡ ᠮᠡᠳᠡᠯ ᠤᠨ  ᠭᠡᠪᠴᠢᠶ᠎ᠡ ᠬᠢᠭᠡᠥᠨ ᠲᠤᠭᠳᠠᠭᠰᠠᠨ ᠵᠢᠷᠤᠮ ᠶᠤᠰᠤᠭᠠᠷ ᠲᠡᠬᠦᠨ ᠢ ᠲᠤᠰᠢᠶᠠᠯ ᠳᠤ ᠲᠤᠮᠢᠯᠬᠠᠤ ᠪᠤᠶᠤ ᠲᠤᠰᠢᠶᠠᠯ ᠠᠴᠠ  ᠪᠠᠭᠤᠯᠭᠠᠬᠤ ᠭᠡᠷᠡᠭᠳᠡᠢ᠃                          ᠲᠦᠴᠢᠨ ᠨᠢᠭᠡᠳᠦᠭᠡᠷ ᠵᠦᠢᠯ     ᠠᠯᠪᠠᠳᠠᠨ ᠢ ᠲᠤᠰᠢᠶᠠᠯ ᠳᠤ ᠲᠤᠮᠢᠯᠠᠬᠤ ᠳᠤ ᠡᠷᠭᠡᠪᠰᠢ ᠲᠤᠭᠳᠠᠭᠠᠭᠰᠠᠨ  ᠤᠷᠤᠨ ᠲᠤᠭᠠᠨ ᠤ ᠬᠢᠵᠠᠭᠠᠷᠯᠠᠯ ᠪᠠ ᠲᠤᠰᠢᠶᠠᠯ ᠤᠨ ᠲᠤᠭᠠᠨ ᠤ ᠲᠤᠳᠤᠷ᠎ᠠ ᠶᠠᠪᠤᠭᠳᠠᠭᠤᠯᠬᠤ ᠭᠡᠷᠡᠭᠳᠡᠢ ᠪᠦᠭᠡᠥᠨ  ᠵᠤᠬᠢᠴᠠᠩᠭᠤᠢ ᠲᠤᠰᠢᠶᠠᠯ ᠤᠨ ᠪᠠᠶᠢᠷᠢ ᠶᠢᠨ ᠬᠤᠭᠤᠰᠤᠨ ᠤᠷᠤ ᠪᠠᠶᠢᠬᠤ ᠭᠡᠷᠡᠭᠳᠡᠢ᠃                         ᠳᠦᠴᠢᠨ ᠬᠤᠶᠠᠳᠤᠭᠠᠷ ᠵᠦᠢᠯ     ᠠᠯᠪᠠᠳᠠᠨ ᠠᠵᠢᠯ ᠤᠨ ᠭᠡᠷᠡᠭᠴᠡᠭᠡ ᠠᠴᠠ ᠪᠤᠯᠵᠤ ᠪᠠᠶᠢᠭᠤᠯᠭ᠎ᠠ ᠶᠢᠨ  ᠭᠠᠳᠠᠨ᠎ᠠ ᠲᠤᠰᠢᠶᠠᠯ ᠬᠠᠪᠰᠤᠷᠭᠠᠨ ᠬᠠᠷᠢᠭᠤᠴᠠᠪᠠᠯ  ᠡᠷᠬᠡᠪᠰᠢ ᠬᠠᠮᠢᠶ᠎ᠠ ᠪᠦᠬᠦᠢ ᠪᠠᠶᠢᠭᠤᠯᠭ᠎ᠠ ᠪᠠᠷ ᠵᠦᠪᠰᠢᠶᠡᠷᠡᠬᠦᠯᠬᠦ  ᠭᠡᠷᠡᠭᠳᠡᠢ ᠪᠦᠭᠡᠥᠨ ᠲᠤᠰᠢᠶᠠᠯ ᠬᠠᠪᠰᠤᠷᠭᠠᠨ ᠬᠠᠷᠢᠭᠤᠴᠠᠭᠰᠠᠨ ᠬᠦᠯᠦᠰᠦ ᠬᠠᠷᠠᠮᠵᠢ ᠠᠪᠴᠤ ᠪᠤᠯᠬᠤ ᠦᠭᠡᠢ᠃                    
ᠢᠷᠡᠯᠲᠡ᠄ ᠠᠷᠤ ᠬᠤᠷᠴᠢᠨ ᠬᠤᠰᠢᠭᠤᠨ ᠵᠠᠰᠠᠭ ᠤᠨ ᠣᠷᠳᠤᠨ ᠤ ᠮᠤᠩᠭᠤᠯ ᠰᠦᠯᠵᠢᠶ᠎ᠡ