ᠪᠤᠯᠴᠢᠩ ᠰᠢᠷᠪᠤᠰᠤ ᠲᠠᠳᠠᠬᠤ ᠶᠢ ᠰᠡᠷᠭᠡᠶᠢᠯᠡᠭᠦ ᠳᠤᠯᠤᠭᠠᠠ ᠠᠷᠭ᠎ᠠ ᠲᠠᠷᠤᠰᠢᠯᠠᠬᠰᠠᠨ ᠨᠤᠭᠤᠭ᠎ᠠ ᠶᠢᠨ ᠰᠢᠬᠦᠰᠦ ᠶᠢ ᠤᠤᠭᠤᠬᠤ
ᠨᠡᠶᠢᠲᠡᠯᠡᠭᠰᠡᠨ ᠴᠠᠭ᠄
2022/9/13
      ᠠᠮᠧᠷᠢᠺᠠ ᠶᠢᠨ ᠶᠠᠩᠪᠠᠶᠢᠬᠠᠨ ᠶᠡᠭᠡ ᠰᠤᠷᠭᠠᠭᠤᠯᠢ ᠶᠢᠨ ᠰᠤᠳᠤᠯᠤᠬᠴᠢᠳ ᠠᠴᠠ ᠲᠠᠷᠤᠰᠢᠯᠠᠬᠰᠠᠨ ᠨᠤᠭᠤᠭ᠎ᠠ ᠶᠢᠨ ᠰᠢᠬᠦᠰᠦ ᠶᠢ ᠤᠤᠭᠤᠪᠠᠯ ᠰᠢᠷᠪᠤᠰᠤ ᠲᠠᠳᠠᠬᠤ ᠶᠢ ᠬᠤᠷᠢᠬᠯᠠᠬᠤ ᠭᠠᠶᠢᠬᠠᠯᠳᠠᠢ ᠦᠷ᠎ᠠ ᠳ᠋ᠦᠩ ᠲᠠᠢ ᠪᠠᠶᠢᠬᠤ ᠶᠢ ᠢᠯᠡᠷᠡᠬᠦᠯᠦᠭᠰᠡᠨ ᠪᠠᠶᠢᠨ᠎ᠠ ᠃ ᠰᠢᠷᠪᠤᠰᠤ ᠲᠠᠳᠠᠬᠤ ᠰᠤᠳᠤᠯᠭᠠᠨ ᠳᠤ ᠰᠠᠶᠢᠨ ᠲᠤᠷ᠎ᠠ ᠠᠴᠠ ᠪᠠᠨ ᠤᠷᠤᠯᠴᠠᠬᠰᠠᠳ ᠲᠤ ᠲᠤᠰ ᠲᠤᠰ 70 ᠭᠷᠠᠮ ᠲᠠᠷᠤᠰᠢᠯᠠᠬᠰᠠᠨ ᠨᠤᠭᠤᠭ᠎ᠠ ᠶᠢᠨ ᠰᠢᠬᠦᠰᠦ ᠪᠤᠶᠤ ᠢᠶᠤᠨ ᠢ ᠠᠷᠢᠯᠭᠠᠬᠰᠠᠨ ᠤᠰᠤ ᠶᠢ ᠤᠤᠭᠤᠯᠭᠠᠬᠤ ᠪᠤᠶᠤ ᠡᠰᠡᠬᠦᠯ᠎ᠠ ᠶᠠᠭᠤ ᠴᠤ ᠤᠤᠭᠤᠯᠭᠠᠬᠤ ᠦᠭᠡᠢ ᠲᠤᠷᠰᠢᠯᠳᠠ ᠬᠢᠪᠡ ᠃ ᠦᠷ᠎ᠠ ᠳ᠋ᠦᠩ ᠢᠯᠡᠷᠭᠡᠶᠢᠯᠡᠭᠰᠡᠨ ᠨᠢ ᠂ ᠲᠠᠷᠤᠰᠢᠯᠠᠬᠰᠠᠨ ᠨᠤᠭᠤᠭ᠎ᠠ ᠶᠢᠨ ᠰᠢᠬᠦᠰᠦ ᠶᠢ ᠤᠤᠭᠤᠬᠰᠠᠳ 85 ᠰᠧᠺᠦ᠋ᠨ᠋ᠳ᠋ ᠤᠨ ᠲᠤᠳᠤᠷ᠎ᠠ ᠰᠢᠷᠪᠤᠰᠤ ᠲᠠᠳᠠᠬᠤ ᠨᠢ ᠵᠤᠬᠰᠤᠵᠤ ᠂ ᠢᠶᠤᠨ ᠢ ᠠᠷᠢᠯᠭᠠᠬᠰᠠᠨ ᠤᠰᠤ ᠤᠤᠭᠤᠬᠰᠠᠳ ᠠᠴᠠ 37% ᠬᠤᠷᠳᠤᠨ ᠪᠠᠶᠢᠵᠤ ᠂ ᠶᠠᠭᠤ ᠴᠤ ᠤᠤᠭᠤᠬᠰᠠᠨ ᠦᠭᠡᠢ ᠬᠦᠮᠦᠰ ᠠᠴᠠ 45% ᠬᠤᠷᠳᠤᠨ ᠪᠠᠶᠢᠯ᠎ᠠ ᠃       ᠲᠠᠳᠠᠵᠤ ᠰᠤᠩᠭᠠᠬᠤ ᠬᠦᠳᠡᠯᠭᠡᠭᠡᠨ ᠬᠢᠬᠦ ᠤᠨᠳᠠᠬᠤ ᠶᠠᠪᠤᠴᠠ ᠳᠤ ᠰᠢᠷᠪᠤᠰᠤ ᠲᠠᠳᠠᠬᠤ ᠶᠢᠨ ᠰᠢᠯᠳᠠᠭᠠᠨ ᠤ ᠨᠢᠭᠡ ᠨᠢ ᠬᠦᠯ ᠤᠨ ᠬᠤᠷᠤᠭᠤ ᠪᠠᠨ ᠲᠤᠷᠤᠬᠰᠢ ᠬᠠᠨᠳᠤᠭᠤᠯᠤᠨ ᠭᠡᠪ ᠢᠶᠠᠷ ᠬᠠᠵᠠᠭᠤᠯᠠᠨ ᠭᠡᠪᠳᠡᠵᠤ ᠰᠢᠯᠪᠢ ᠶᠢᠨ ᠭᠡᠰᠡᠭ ᠤᠨ ᠪᠤᠯᠴᠢᠩ ᠪᠤᠭᠤᠨᠢᠰᠬᠤ ᠠᠴᠠ ᠪᠤᠯᠵᠤ ᠰᠢᠷᠪᠤᠰᠤ ᠨᠢ ᠨᠡᠩ ᠠᠮᠠᠷᠬᠠᠨ ᠵᠠᠭᠤᠷᠠᠵᠤ ᠡᠪᠡᠳᠬᠦ ᠪᠤᠯᠤᠨ᠎ᠠ ᠃ ᠰᠢᠷᠪᠤᠰᠤ ᠲᠠᠳᠠᠵᠤ ᠡᠪᠡᠳᠬᠦ ᠶᠢ ᠬᠦᠩᠭᠡᠷᠡᠬᠦᠯᠬᠦ ᠭᠡᠪᠡᠯ ᠤᠷᠢᠳ ᠢᠶᠠᠷ ᠬᠦᠯ ᠤᠨ ᠬᠤᠷᠤᠭᠤ ᠪᠠᠨ ᠮᠤᠷᠦ᠋ᠢᠯᠭᠠᠵᠤ ᠲᠠᠬᠢᠨ ᠲᠠᠳᠠᠵᠤ ᠠᠰᠬᠠᠨ ᠪᠤᠯᠭᠠᠬᠤ ᠬᠦᠳᠡᠯᠭᠡᠭᠡᠨ ᠢ 1 ᠮᠢᠨᠦ᠋ᠲ ᠬᠢᠨ᠎ᠠ ᠃ ᠲᠠᠷᠠᠭ᠎ᠠ ᠨᠢ ᠬᠠᠨ᠎ᠠ ᠶᠢᠨ ᠡᠮᠦᠨ᠎ᠠ ᠵᠤᠬᠰᠤᠵᠤ ᠵᠠᠭᠤᠷᠠᠬᠰᠠᠨ ᠬᠦᠯ ᠢᠶᠠᠨ ᠬᠤᠶᠢᠰᠢ ᠪᠠᠨ ᠰᠤᠩᠭᠠᠵᠤ ᠲᠠᠳᠠᠨ ᠂ ᠨᠦᠬᠦᠭᠡ ᠨᠢᠭᠡ ᠬᠦᠯ ᠢᠶᠠᠨ ᠡᠪᠦᠳᠦᠭ ᠦᠭᠡᠳᠡ ᠪᠠᠨ ᠮᠤᠷᠦ᠋ᠢᠯᠭᠠᠨ᠎ᠠ ᠃       ᠺᠠᠯᠼ ᠨᠦᠬᠦᠪᠦᠷᠢᠯᠡᠬᠦ ᠤᠯᠠᠩᠬᠢ ᠰᠢᠷᠪᠤᠰᠤ ᠲᠠᠳᠠᠬᠤ ᠨᠢ ᠺᠠᠯᠼ ᠲᠤᠳᠠᠬᠰᠠᠨ ᠠᠴᠠ ᠪᠤᠯᠬᠤ ᠶᠤᠮ ᠃ ᠶᠡᠭᠡ ᠭᠡᠮᠵᠢᠶᠡᠨ ᠤ ᠺᠠᠯᠼ ᠡᠯᠪᠡᠭ ᠠᠭᠤᠯᠬᠤ ᠢᠳᠡᠭᠡᠨ ︵ᠵᠢᠱᠢᠶᠡᠯᠡᠪᠡᠯ ᠴᠠᠭᠠᠨ ᠢᠳᠡᠭᠡᠨ ᠪᠠ ᠨᠤᠭᠤᠭᠠᠨ ᠨᠠᠪᠴᠢᠳᠤ ᠨᠤᠭᠤᠭ᠎ᠠ︶ ᠢ ᠢᠳᠡᠬᠦ ᠪᠠ ᠺᠠᠯᠼ ᠡᠯᠪᠡᠭ ᠠᠭᠤᠯᠬᠤ ᠰᠢᠮ᠎ᠠ ᠲᠡᠵᠢᠭᠡᠯ ᠤᠨ ᠨᠦᠬᠦᠪᠦᠷᠢ ᠡᠳ᠋ ᠢ ᠢᠯᠡᠬᠦᠦ ᠤᠤᠭᠤᠪᠠᠯ ᠪᠠᠰᠠ ᠺᠠᠯᠼ ᠲᠤᠳᠠᠬᠤ ᠶᠢ ᠬᠦᠩᠭᠡᠷᠡᠬᠦᠯᠵᠤ ᠲᠡᠶᠢᠯᠦᠨ᠎ᠠ ᠃ ᠪᠠᠰᠠ ᠤᠨᠳᠠᠬᠤ ᠠᠴᠠ ᠪᠠᠨ ᠡᠮᠦᠨ᠎ᠠ ᠨᠢᠭᠡ ᠴᠤᠮᠤ ᠪᠦᠯᠢᠶᠡᠨ ᠰᠦ ᠤᠤᠭᠤᠬᠤ ᠪᠠᠷ ᠲᠠᠮᠵᠢᠨ ᠺᠠᠯᠼ ᠨᠦᠬᠦᠪᠦᠷᠢᠯᠡᠵᠤ ᠪᠤᠯᠤᠨ᠎ᠠ ᠃       ᠬᠤᠶᠠᠷ ᠮᠧᠲ᠋ᠢᠯᠳᠦ ᠬᠦᠬᠦᠷᠦᠺᠰᠢᠳ᠋ ᠲᠦᠷᠬᠢᠬᠦ ᠬᠤᠶᠠᠷ ᠮᠧᠲ᠋ᠢᠯᠳᠤ ᠬᠦᠬᠦᠷᠦᠺᠰᠢᠳ᠋ ᠨᠢ ᠨᠢᠭᠡ ᠵᠦᠢᠯ ᠤᠨ ᠮᠤᠳᠤᠨ ᠠᠴᠠ ᠢᠷᠡᠯᠳᠡ ᠲᠠᠢ ᠪᠤᠳᠠᠰ ᠪᠤᠯᠪᠠᠴᠤ ᠠᠨᠠᠭᠠᠬᠤ ᠤᠬᠠᠭᠠᠨᠳᠠᠳ ᠲᠡᠬᠦᠨ ᠤ ᠡᠮ ᠳᠤ ᠤᠷᠤᠬᠤ ᠴᠢᠳᠠᠪᠤᠷᠢ ᠶᠢ ᠰᠤᠳᠤᠯᠤᠭᠠᠳ ᠨᠢᠭᠡᠨᠳᠡ ᠲᠠᠪᠢ ᠭᠠᠷᠤᠢ ᠵᠢᠯ ᠪᠤᠯᠵᠤ ᠪᠠᠶᠢᠨ᠎ᠠ ᠃ ᠡᠶᠢᠮᠦᠷᠬᠦᠤ ᠬᠠᠮᠠᠷ ᠭᠠᠳᠠᠮ᠎ᠠ ᠦᠷᠪᠢᠰᠦᠯ ᠢ ᠡᠰᠡᠷᠬᠦᠴᠡᠬᠦ ᠪᠤᠳᠠᠰ ᠢ ᠠᠭᠤᠰᠬᠠᠬᠤ ᠡᠮ ᠪᠤᠯᠭᠠᠵᠤ ᠭᠡᠷᠡᠭᠯᠡᠵᠤ ᠪᠤᠯᠤᠨ᠎ᠠ ᠃ ᠠᠮᠧᠷᠢᠺᠠ ᠶᠢᠨ ᠢᠳᠡᠭᠡᠨ ᠤ ᠵᠦᠢᠯ ᠪᠤᠯᠤᠨ ᠡᠮ ᠤᠨ ᠵᠦᠢᠯ ᠳᠤ ᠬᠢᠨᠠᠯᠳᠠ ᠲᠠᠯᠪᠢᠬᠤ ᠬᠠᠮᠢᠶᠠᠷᠤᠯᠳᠠ ᠶᠢᠨ ᠲᠤᠪᠴᠢᠶ᠎ᠠ ᠠᠴᠠ ᠲᠡᠬᠦᠨ ᠢ ᠭᠠᠳᠠᠷ ᠭᠡᠷᠡᠭᠯᠡᠬᠦ ᠡᠮ ᠤᠨ ᠵᠤᠷ ᠪᠤᠯᠭᠠᠵᠤ ᠤᠯᠠᠨ ᠡᠪᠡᠳᠴᠢᠨ ᠢ ᠵᠠᠰᠠᠵᠤ ᠪᠤᠢ ᠂ ᠡᠬᠦᠨ ᠳᠤ ᠪᠦᠰᠡᠯᠡᠬᠦᠷ ᠴᠦᠪᠦᠷᠢᠬᠦᠳᠦ ᠡᠰᠡᠷᠭᠡᠨ᠎ᠠ ᠪᠠᠭᠳᠠᠨ᠎ᠠ ᠃ ᠵᠠᠷᠢᠮ ᠲᠠᠮᠢᠷᠴᠢᠨ ᠪᠤᠯᠴᠢᠩ ᠤᠨ ᠭᠡᠰᠡᠭ ᠲᠤ ᠪᠠᠨ ᠰᠢᠩᠭᠡᠨ ᠪᠡᠶᠡᠳᠦ ᠲᠦᠷᠬᠢᠨ ᠰᠢᠷᠪᠤᠰᠤ ᠵᠠᠭᠤᠷᠠᠬᠤ ᠶᠢ ᠬᠦᠩᠭᠡᠷᠡᠬᠦᠯᠵᠤ ᠪᠤᠢ ᠃       ᠦᠨᠦᠷᠳᠦ ᠤᠳᠪᠠᠯᠠ ᠶᠢᠨ ᠴᠠᠢ ᠤᠤᠭᠤᠬᠤ ᠦᠨᠦᠷᠳᠦ ᠤᠳᠪᠠᠯᠠ ᠶᠢᠨ ᠡᠪᠡᠰᠦᠨ ᠡᠮ ᠢᠶᠠᠷ ᠰᠢᠷᠪᠤᠰᠤ ᠵᠠᠭᠤᠷᠠᠬᠤ ᠶᠢ ᠰᠡᠷᠭᠡᠶᠢᠯᠡᠨ ᠵᠠᠰᠠᠵᠤ ᠪᠤᠯᠤᠨ᠎ᠠ ᠂ ᠲᠡᠬᠦᠨ ᠳᠤ 36 ᠵᠦᠢᠯ ᠤᠨ ᠦᠷᠪᠢᠰᠦᠯ ᠢ ᠡᠰᠡᠷᠬᠦᠴᠡᠬᠦ ᠪᠦᠷᠢᠯᠳᠦᠬᠦᠨ ᠠᠭᠤᠯᠵᠤ ᠪᠤᠢ ᠃ ᠲᠡᠷᠡ ᠨᠢ ᠪᠠᠰᠠ ᠠᠮᠳᠠᠯᠢᠬ ᠰᠢᠪᠳᠤᠷᠳᠤ ᠬᠦᠴᠢᠯ ᠤᠨ ᠠᠭᠤᠯᠤᠬᠳᠠᠴᠠ ᠶᠢ ᠨᠡᠮᠡᠭᠳᠡᠬᠦᠯᠵᠤ ᠴᠢᠳᠠᠨ᠎ᠠ ᠂ ᠡᠶᠢᠮᠦᠷᠬᠦᠥ ᠰᠢᠪᠳᠤᠷᠳᠤ ᠬᠦᠴᠢᠯ ᠨᠢ ᠴᠤᠯᠭᠤᠢ ᠪᠤᠯᠴᠢᠩ ᠢ ᠰᠤᠯᠠᠷᠠᠭᠤᠯᠬᠤ ᠶᠢᠨ ᠤᠯᠠᠮ ᠠᠴᠠ ᠰᠢᠷᠪᠤᠰᠤ ᠵᠠᠭᠤᠷᠠᠬᠤ ᠶᠢ ᠬᠦᠩᠭᠡᠷᠡᠬᠦᠯᠬᠦ ᠦᠢᠯᠡᠳᠦᠯ ᠲᠠᠢ ᠃ ᠰᠢᠷᠪᠤᠰᠤ ᠵᠠᠭᠤᠷᠠᠬᠤ ᠡᠪᠡᠳᠴᠢᠳᠡᠨ ᠡᠳᠦᠷ ᠲᠤ ᠪᠠᠨ ᠭᠡᠳᠦᠨ ᠴᠤᠮᠤ ᠦᠨᠦᠷᠳᠤ ᠤᠳᠪᠠᠯᠠ ᠶᠢᠨ ᠴᠠᠢ ᠤᠤᠭᠤᠬᠤ ᠪᠤᠶᠤ ᠡᠰᠡᠬᠦᠯ᠎ᠠ ᠦᠨᠦᠷᠳᠤ ᠤᠳᠪᠠᠯᠠ ᠠᠭᠤᠯᠤᠬᠰᠠᠨ ᠰᠢᠮ᠎ᠠ ᠲᠡᠵᠢᠭᠡᠯ ᠤᠨ ᠨᠦᠬᠦᠪᠦᠷᠢ ᠡᠳ᠋ ᠢ ᠤᠤᠭᠤᠵᠤ ᠪᠤᠯᠤᠨ᠎ᠠ ᠃       ᠮᠠᠬᠨᠢ ᠨᠦᠬᠦᠪᠦᠷᠢᠯᠡᠬᠦ ᠮᠠᠬᠨᠢ ᠨᠢ ᠬᠦᠮᠦᠨ ᠤ ᠪᠡᠶ᠎ᠠ ᠳᠤ ᠴᠢᠬᠤᠯᠠ ᠭᠡᠷᠡᠭᠴᠡᠭᠡ ᠲᠠᠢ ᠨᠢᠭᠡ ᠵᠦᠢᠯ ᠤᠨ ᠡᠷᠦᠳᠡᠰᠦ ᠪᠤᠳᠠᠰ ᠪᠠᠶᠢᠵᠤ ᠂ ᠮᠠᠬᠨᠢ ᠡᠯᠪᠡᠭ ᠠᠭᠤᠯᠬᠤ ᠢᠳᠡᠭᠡᠨ ︵ᠪᠦ᠋ᠷᠢᠨ ᠠᠮᠤ ᠪᠤᠳᠠᠭ᠎ᠠ ᠪᠤᠯᠤᠨ ᠨᠤᠭᠤᠭᠠᠨ ᠨᠠᠪᠴᠢᠳᠤ ᠨᠤᠭᠤᠭ᠎ᠠ ︶ ᠢ ᠢᠯᠡᠬᠦᠦ ᠢᠳᠡᠪᠡᠯ ᠰᠢᠷᠪᠤᠰᠤ ᠵᠠᠭᠤᠷᠠᠬᠤ ᠶᠢ ᠬᠦᠩᠭᠡᠷᠡᠬᠦᠯᠵᠤ ᠴᠢᠳᠠᠨ᠎ᠠ ᠃ ᠤᠨᠳᠠᠬᠤ ᠠᠴᠠ ᠪᠠᠨ ᠡᠮᠦᠨ᠎ᠠ 300 ~ 400 ᠮᠢᠯᠢᠭᠷᠡᠮ ᠰᠢᠮ᠎ᠠ ᠲᠡᠵᠢᠭᠡᠯ ᠤᠨ ᠨᠦᠬᠦᠪᠦᠷᠢ ᠡᠳ᠋ ᠢ ᠤᠤᠭᠤᠪᠠᠯ ᠪᠤᠯᠴᠢᠩ ᠢ ᠰᠤᠯᠠᠷᠠᠭᠤᠯᠬᠤ ᠶᠢᠨ ᠬᠠᠮᠳᠤ ᠪᠡᠶ᠎ᠠ ᠶᠢᠨ ᠺᠠᠯᠼ ᠢ ᠰᠢᠩᠭᠡᠭᠡᠬᠦ ᠳᠤ ᠦᠢᠯᠡᠳᠦᠯ ᠦᠵᠡᠬᠦᠯᠦᠨ᠎ᠠ ᠃      ᠤᠰᠤ ᠤᠤᠭᠤᠬᠤ ᠪᠠᠰᠠ ᠴᠦᠭᠡᠨ ᠪᠤᠰᠤ ᠰᠢᠷᠪᠤᠰᠤ ᠲᠠᠳᠠᠬᠤ ᠨᠢ ᠤᠰᠤ ᠦᠭᠡᠶᠢᠳᠡᠭᠰᠡᠨ ᠠᠴᠠ ᠪᠤᠯᠤᠬᠰᠠᠨ ᠶᠤᠮ ᠂ ᠡᠶᠢᠮᠦ ᠠᠴᠠ ᠰᠢᠷᠪᠤᠰᠤ ᠲᠠᠳᠠᠬᠤ ᠭᠡᠮ ᠳᠤ ᠨᠡᠷᠪᠡᠭᠳᠡᠭᠰᠡᠳ ᠪᠡᠶ᠎ᠠ ᠳᠤ ᠪᠠᠨ ᠬᠦᠢᠴᠡᠳ ᠭᠡᠮᠵᠢᠶᠡᠨ ᠤ ᠤᠰᠤ ᠪᠠᠶᠢᠬᠤ ᠶᠢ ᠪᠠᠳᠤᠯᠠᠬᠤ ᠭᠡᠷᠡᠭᠳᠡᠢ ᠃ ᠰᠢᠷᠦᠭᠦᠨ ᠬᠦᠳᠡᠯᠭᠡᠭᠡᠨ ᠬᠢᠬᠦ ᠠᠴᠠ ᠡᠮᠦᠨ᠎ᠠ ᠤᠷᠢᠳ ᠢᠶᠠᠷ 1 ~ 2 ᠴᠤᠮᠤ ᠤᠰᠤ ᠤᠤᠭᠤᠨ᠎ᠠ ᠃ ᠪᠤᠯᠪᠠᠰᠤᠷᠠᠬᠤ ᠶᠠᠪᠤᠴᠠ ᠳᠤ ᠪᠠᠰᠠ ᠵᠤᠬᠢᠬᠤ ᠭᠡᠮᠵᠢᠶᠡᠨ ᠤ ᠴᠠᠬᠢᠯᠭᠠᠨ ᠵᠠᠳᠠᠯᠤᠬᠳᠠᠬᠤᠨ ᠤ ᠤᠮᠳᠠᠭᠠᠨ ᠤᠤᠭᠤᠵᠤ ᠂ ᠤᠰᠤ ᠦᠭᠡᠶᠢᠳᠡᠬᠦ ᠠᠴᠠ ᠪᠤᠯᠵᠤ ᠰᠢᠷᠪᠤᠰᠤ ᠵᠠᠭᠤᠷᠠᠬᠤ ᠶᠢ ᠰᠡᠷᠭᠡᠶᠢᠯᠡᠨ᠎ᠠ ᠃    
ᠢᠷᠡᠯᠲᠡ᠄ ᠲᠦᠩᠯᠢᠶᠤᠤ ᠮᠤᠩᠭᠤᠯ ᠰᠦᠯᠵᠢᠶ᠎ᠡ