ᠸᠠ ᠶᠣᠣ ᠲᠠᠨ ᠤ ᠲᠠᠷᠪᠤᠰ ᠤᠨ ᠬᠦᠷᠢᠶᠡᠯᠡᠩ ᠨᠡᠭᠡᠭᠡᠭᠳᠡᠯ᠎ᠡ︕
ᠨᠡᠶᠢᠲᠡᠯᠡᠭᠰᠡᠨ ᠴᠠᠭ᠄
2022/7/20
     ᠡᠨᠡ ᠬᠤᠶᠠᠷ ᠡᠳᠦᠷ᠂ ᠤᠷᠠᠳ ᠤᠨ ᠡᠮᠦᠨᠡᠲᠦ ᠬᠤᠰᠢᠭᠤᠨ ᠤ  ᠰᠤᠳᠠᠯ ᠤᠨ ᠬᠤᠳᠳᠤᠭ ᠪᠠᠯᠭᠠᠰᠤᠨ ᠤ ᠸᠠ ᠶᠣᠣ ᠲᠠᠨ ᠲᠣᠰᠬᠤᠨ ᠤ ᠬᠢᠨ ᠬᠦᠷ ᠬᠥᠭᠵᠢᠶᠡᠨ ᠲᠠᠢ ᠪᠣᠯᠵᠤ᠂ ᠲᠠᠷᠪᠤᠰ ᠬᠤᠳᠠᠯᠳᠤᠨ ᠠᠪᠴᠤ ᠪᠠᠶᠢᠭ᠎ᠠ ᠬᠤᠳᠠᠯᠳᠤᠭᠠᠴᠢᠨ ᠣᠯᠠᠰᠢᠷᠠᠵᠤ ᠬᠥᠷ ᠨᠠᠷᠭᠢᠶᠠᠨ  ᠢᠶᠠᠷ ᠳᠦᠭᠦᠷᠡᠩ ᠪᠠᠶᠢᠯ᠎ᠠ᠃ ᠴᠡᠯ ᠨᠣᠭᠤᠭᠠᠨ ᠲᠠᠷᠪᠤᠰ ᠤᠨ ᠲᠠᠷᠢᠶᠠᠨ ᠳᠤ ᠣᠷᠣᠬᠤ ᠳᠤ᠂ ᠭᠦᠢᠴᠡᠳ ᠪᠣᠯᠪᠠᠰᠤᠷᠠᠭᠰᠠᠨ ᠲᠣᠮᠣ ᠲᠠᠷᠪᠤᠰ ᠭᠠᠵᠠᠷ ᠢ ᠲᠠᠭᠠᠨ ᠤᠷᠭᠤᠨ᠎ᠠ᠃ ᠭᠤᠸᠠ  ᠶᠢᠨ ᠲᠠᠷᠢᠶᠠᠴᠢᠨ ᠮᠦ ᠹᠧᠩ ᠴᠢᠶᠠᠩ ᠤᠨ ᠲᠠᠷᠪᠤᠰ ᠨᠢᠭᠡᠨᠲᠡ ᠪᠦᠬᠦᠨ ᠢᠶᠠᠷ ᠢᠶᠠᠨ ᠪᠣᠯᠪᠠᠰᠤᠷᠠᠵᠤ᠂ ᠡᠨᠡ ᠬᠤᠶᠠᠷ ᠡᠳᠦᠷ ᠭᠠᠳᠠᠨ᠎ᠠ ᠣᠷᠣᠨ ᠤ ᠠᠷᠠᠯᠵᠢᠶᠠᠴᠢᠨ ᠢᠶᠠᠷ ᠳᠠᠮᠵᠢᠨ ᠪᠦᠬᠦ ᠤᠯᠤᠰ ᠲᠤ ᠪᠣᠷᠣᠯᠠᠭᠤᠯᠤᠭᠳᠠᠵᠤ ᠪᠠᠶᠢᠨ᠎ᠠ᠃

瓦窑滩西瓜1.jpg

     ᠳᠤᠮᠳᠠᠴᠢ ᠬᠦᠨᠳᠦ ᠶᠢᠨ ᠬᠡᠮᠵᠢᠶ᠎ᠡ ᠨᠢ 6— 7 ᠵᠢᠩ ᠳᠤ ᠬᠦᠷᠦᠭᠰᠡᠨ ᠲᠠᠷᠪᠤᠰ ᠢ ᠨᠡᠭᠡᠭᠡᠭᠰᠡᠨ ᠤ ᠰᠡᠭᠦᠯᠡᠷ᠂ ᠭᠤᠣᠯ ᠨᠢ ᠤᠯᠠᠭᠠᠨ ᠦᠷ᠎ᠡ ᠨᠢ ᠬᠠᠷ᠎ᠠ᠂

ᠰᠢᠭᠦᠰᠦ ᠨᠢ ᠠᠷᠪᠢᠨ ᠮᠥᠷᠲᠡᠭᠡᠨ ᠠᠮᠲᠠᠯᠢᠭ ᠰᠠᠶᠢᠬᠠᠨ ᠪᠠᠶᠢᠯ᠎ᠠ ᠃ ᠣᠶᠢᠷ᠎ᠠ ᠶᠢᠨ ᠵᠢᠯ ᠳᠤ᠂ ᠸᠠ ᠶᠣᠣ ᠲᠠᠨ ᠲᠣᠰᠬᠤᠨ ᠤ ᠬᠢᠨ ᠥᠪᠡᠷᠮᠢᠴᠡ ᠣᠨᠴᠠᠯᠢᠭ ᠲᠠᠢ

ᠠᠭᠤᠷ ᠠᠮᠢᠰᠬᠤᠯ᠂ ᠬᠥᠷᠥᠰᠥ ᠰᠢᠷᠣᠢ ᠶᠢᠨ ᠨᠥᠬᠦᠴᠡᠯ ᠪᠣᠯᠣᠨ ᠪᠣᠯᠪᠠᠰᠤᠷᠠᠩᠭᠤᠢ ᠲᠠᠷᠢᠮᠠᠯ ᠤᠨ ᠮᠡᠷᠭᠡᠵᠢᠯ ᠢᠶᠠᠷ ᠢᠶᠠᠨ ᠲᠠᠷᠢᠭᠰᠠᠨ ᠲᠠᠷᠪᠤᠰ ᠤᠨ ᠬᠡᠯᠪᠡᠷᠢ ᠨᠢ ᠭᠤᠶᠤ

ᠰᠠᠶᠢᠬᠠᠨ᠂ ᠬᠠᠯᠢᠰᠤ ᠨᠢ ᠨᠢᠮᠭᠡᠨ ᠭᠤᠣᠯ ᠨᠢ ᠰᠢᠬᠢᠷᠯᠢᠭ᠂ ᠬᠡᠦᠷᠡᠭ ᠰᠠᠶᠢᠬᠠᠨ ᠦᠨᠦᠷ ᠠᠮᠲᠠ ᠲᠠᠢ ᠪᠠᠶᠢᠵᠤ᠂  ᠬᠤᠳᠠᠯᠳᠤᠨ ᠠᠪᠤᠭᠴᠢᠳ ᠤᠨ ᠲᠠᠭᠠᠰᠢᠶᠠᠯ ᠢ 

ᠣᠯᠪᠠ᠃ ᠲᠤᠬᠠᠢ ᠶᠢᠨ ᠭᠠᠵᠠᠷ ᠤᠨ ᠲᠠᠷᠪᠤᠰ ᠤᠨ ᠲᠠᠷᠢᠶᠠᠴᠢᠳ ᠴᠤ ᠡᠯ᠎ᠡ ᠵᠦᠢᠯ ᠤᠨ ᠤᠬᠠᠭᠤᠯᠭ᠎ᠠ ᠶᠢᠨ ᠠᠷᠭ᠎ᠠ ᠪᠠᠷ ᠳᠡᠯᠭᠡᠷᠡᠭᠦᠯᠵᠦ᠂ ᠸᠠ ᠶᠣᠣ ᠲᠠᠨ ᠤ

ᠲᠠᠷᠪᠤᠰ ᠤᠨ ᠰᠠᠶᠢᠬᠠᠨ ᠨᠡᠷ᠎ᠡ ᠶᠢ ᠡᠯ᠎ᠡ ᠭᠠᠵᠠᠷ ᠤᠨ ᠠᠷᠠᠯᠵᠢᠶᠠᠴᠢᠳ  ᠳᠤ  ᠮᠡᠳᠡᠭᠦᠯᠵᠡᠢ᠃

瓦窑滩西瓜2.jpg

    ᠣᠶᠢᠯᠠᠭᠠᠭᠰᠠᠨ ᠢᠶᠠᠷ᠂ ᠡᠨᠡ ᠵᠢᠯ ᠸᠠ ᠶᠣᠣ ᠲᠠᠨ ᠲᠣᠰᠬᠤᠨ ᠳᠤ 4000 ᠭᠠᠷᠤᠢ ᠮᠦ ᠲᠠᠷᠪᠤᠰ ᠳᠠᠷᠢᠵᠤ᠂ ᠵᠢᠵᠢᠭᠬᠡᠨ  ᠬᠦᠯᠡᠮᠵᠢ ᠳᠤ ᠴᠢᠬᠢ ᠰᠠᠭᠤᠯᠭᠠᠬᠤ

ᠪᠠ ᠶᠡᠭᠡ ᠲᠠᠷᠢᠶᠠᠨ ᠳᠤ ᠳᠠᠷᠢᠬᠤ ᠬᠤᠶᠠᠷ ᠵᠦᠢᠯ ᠤᠨ ᠠᠷᠭ᠎ᠠ ᠮᠠᠶ᠋ᠢᠭ ᠢᠶᠠᠷ ᠳᠠᠷᠢᠵᠤ᠂ ᠵᠠᠬ᠎ᠠ ᠳᠡᠯᠭᠡᠭᠦᠷ ᠲᠤ ᠭᠠᠷᠭᠠᠬᠤ ᠴᠠᠭ ᠨᠢ ᠳᠣᠯᠣᠳᠤᠭᠠᠷ ᠰᠠᠷ᠎ᠠ ᠶᠢᠨ

ᠡᠬᠢᠨ ᠠᠴᠠ  ᠶᠢᠰᠦᠳᠦᠭᠡᠷ ᠰᠠᠷ᠎ᠠ ᠪᠣᠯᠲᠠᠯ᠎ᠠ ᠦᠷᠭᠦᠯᠵᠢᠯᠡᠨ᠎ᠡ᠃

ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ