ᠴᠠᠭᠳᠠᠭ᠎ᠠ ᠠᠷᠠᠳ ᠬᠤᠯᠪᠤᠭᠠᠯᠠᠨ ᠬᠡᠭᠡᠷ᠎ᠡ ᠶᠢᠨ ᠠᠮᠢᠲᠠᠨ ᠢ ᠠᠪᠤᠷᠠᠪᠠ
ᠨᠡᠶᠢᠲᠡᠯᠡᠭᠰᠡᠨ ᠴᠠᠭ᠄
2022/7/14
    ᠣᠶᠢᠷ᠎ᠠ ᠳᠤ᠂ ᠤᠷᠠᠳ ᠤᠨ ᠡᠮᠦᠨᠡᠲᠦ ᠬᠤᠰᠢᠭᠤᠨ ᠤ ᠳᠣᠲᠣᠭᠠᠳᠤ ᠶᠢ ᠬᠠᠮᠠᠭᠠᠯᠠᠬᠤ ᠲᠣᠪᠴᠢᠶ᠎ᠠ ᠶᠢᠨ ᠮᠤᠨᠠ ᠠᠭᠤᠯᠠ ᠶᠢᠨ ᠲᠣᠮᠢᠯᠠᠭᠰᠠᠨ ᠰᠠᠯᠪᠤᠷᠢ ᠶᠢᠨ ᠬᠢᠨ ᠬᠠᠷᠢᠶᠠᠲᠤ ᠣᠷᠣᠨ ᠤ ᠣᠯᠠᠨ ᠲᠦᠮᠡᠨ ᠤ  ᠮᠡᠳᠡᠭᠦᠯᠦᠯᠲᠡ ᠶᠢ ᠣᠯᠵᠤ᠂ ᠨᠢᠭᠡ ︽ᠲᠣᠮᠣ ᠰᠢᠪᠠᠭᠤ︾ ᠣᠯᠵᠤ ᠠᠪᠤᠭᠰᠠᠨ᠂ ᠣᠳᠤ ᠮᠠᠰᠢ ᠪᠠᠭᠤᠷᠠᠢ ᠬᠠᠷᠠᠭᠳᠠᠵᠤ ᠪᠠᠶᠢᠨ᠎ᠠ ᠭᠡᠵᠡᠢ᠃  ᠮᠡᠳᠡᠭᠦᠯᠦᠯᠲᠡ ᠶᠢ ᠣᠯᠣᠭᠰᠠᠨ ᠤ ᠳᠠᠷᠠᠭ᠎ᠠ ᠠᠷᠠᠳ ᠤᠨ ᠴᠠᠭᠳᠠᠭ᠎ᠠ ᠲᠤᠬᠠᠢ  ᠶᠢᠨ ᠲᠠᠯᠠᠪᠠᠶ ᠳᠤ ᠬᠦᠷᠴᠦ ᠪᠠᠶᠢᠳᠠᠯ  ᠢ ᠣᠶᠢᠯᠭᠠᠪᠠ᠃

救助苍鹭1.png

     ᠴᠠᠭᠳᠠᠭ᠎ᠠ ᠳᠤ ᠮᠡᠳᠡᠭᠦᠯᠦᠭᠴᠢ ᠶᠢᠨ ᠭᠡᠷ ᠲᠤ᠂  ᠨᠢᠭᠡᠨ ︽ᠲᠣᠮᠣ ᠰᠢᠪᠠᠭᠤ︾ ᠪᠤᠯᠤᠩ ᠳᠤ ᠠᠲᠤᠷᠢᠨ ᠬᠡᠪᠲᠡᠵᠦ ᠬᠥᠮᠥᠨ ᠣᠶᠢᠷᠠᠲᠤᠭᠰᠠᠨ ᠴᠤ ᠬᠥᠳᠡᠯᠬᠦ

ᠦᠭᠡᠢ ᠪᠠᠶᠢᠪᠠ᠃ ᠠᠷᠠᠳ ᠤᠨ ᠴᠠᠭᠳᠠᠭ᠎ᠠ ᠲᠡᠭᠦᠨ ᠢ ᠠᠮᠤᠷ ᠲᠦᠪᠰᠢᠨ  ᠢᠶᠠᠷ ᠲᠣᠮᠢᠯᠠᠭᠰᠠᠨ ᠰᠠᠯᠪᠤᠷᠢ ᠳᠤ ᠰᠢᠯᠵᠢᠭᠦᠯᠦᠨ ᠠᠪᠠᠴᠢᠵᠤ ᠪᠣᠯᠭᠤᠮᠵᠢᠲᠠᠢ ᠪᠠᠷ

ᠲᠥᠪᠬᠢᠨᠡᠭᠦᠯᠵᠡᠢ᠃ ᠳᠠᠷᠠᠭ᠎ᠠ ᠪᠠᠷ ᠨᠢ ᠬᠡᠭᠡᠷ᠎ᠡ ᠶᠢᠨ ᠠᠮᠢᠲᠠᠨ ᠢ ᠠᠪᠤᠷᠠᠨ ᠲᠤᠰᠠᠯᠠᠬᠤ ᠥᠷᠲᠡᠭᠡᠨ ᠤ ᠬᠠᠮᠢᠶ᠎ᠠ ᠪᠦᠬᠦᠢ ᠠᠵᠢᠯᠲᠠᠳ ᠲᠠᠢ ᠬᠤᠯᠪᠣᠭ᠎ᠠ ᠠᠪᠴᠤ᠂ ᠡᠨᠡ ᠬᠦ

︽ᠲᠣᠮᠣ ᠰᠢᠪᠠᠭᠤ︾ ᠨᠢ ᠤᠯᠤᠰ ᠤᠨ ᠬᠤᠶᠠᠳᠤᠭᠠᠷ ᠳᠡᠰ ᠤᠨ ᠬᠠᠮᠠᠭᠠᠯᠠᠯᠲᠠ ᠳᠤ ᠪᠠᠶᠢᠭ᠎ᠠ ᠬᠥᠬᠡ ᠳᠡᠭᠡᠯᠡᠢ ᠪᠣᠯᠬᠤ ᠶᠢ ᠨᠤᠲᠠᠯᠠᠪᠠ᠃

救助苍鹭2.png

     ᠬᠥᠬᠡ ᠳᠡᠭᠡᠯᠡᠢ  ᠶᠢ ᠪᠠᠰᠠ ᠰᠠᠭᠠᠷᠠᠯ ᠳᠡᠭᠡᠯᠡᠢ ᠭᠡᠳᠡᠭ᠃ ᠭᠤᠣᠯᠳᠠᠭᠤ ᠭᠤᠣᠯ ᠮᠥᠷᠡᠨ᠂ ᠭᠤᠷᠤᠬ᠎ᠠ᠂ ᠨᠠᠭᠤᠷ ᠂ ᠴᠥᠭᠦᠷᠥᠮ᠂ ᠳᠠᠯᠠᠶ ᠶᠢᠨ ᠡᠷᠭᠢ ᠵᠡᠷᠭᠡ

ᠤᠰᠤᠨ ᠣᠷᠣᠨ ᠤ ᠡᠷᠭᠢ ᠪᠠ ᠭᠦᠢᠬᠡᠨ ᠤᠰᠤᠨ ᠳᠤ ᠠᠮᠢᠳᠤᠷᠠᠳᠠᠭ ᠪᠥᠭᠡᠳ ᠪᠠᠰᠠ ᠨᠠᠮᠤᠭ ᠭᠠᠵᠠᠷ᠂ ᠲᠤᠲᠤᠷᠭ᠎ᠠ ᠶᠢᠨ ᠲᠠᠷᠢᠶ᠎ᠠ᠂ ᠠᠭᠤᠯᠠᠷᠬᠠᠭ ᠭᠠᠵᠠᠷ᠂ ᠣᠶ

ᠰᠢᠭᠤᠢ ᠪᠠ ᠲᠠᠯ᠎ᠠ ᠭᠠᠵᠠᠷ ᠤᠨ ᠡᠯᠡᠰᠦᠨ ᠴᠥᠯ ᠤᠨ ᠤᠰᠤᠨ ᠤ ᠬᠥᠪᠡᠭᠡᠨ ᠤ ᠭᠦᠢᠬᠡᠨ ᠤᠰᠤ ᠪᠠ ᠨᠠᠮᠤᠭ ᠭᠠᠵᠠᠷ ᠲᠤ ᠴᠤ ᠬᠠᠷᠠᠭᠳᠠᠳᠠᠭ ᠶᠤᠮ᠃ ᠭᠤᠣᠯᠳᠠᠭᠤ

ᠵᠢᠵᠢᠭ ᠵᠢᠭᠠᠰᠤᠨ ᠤ ᠲᠥᠷᠥᠯ᠂ ᠮᠣᠭᠠᠢ ᠵᠢᠷᠠᠰᠤ᠂ ᠰᠠᠮ᠂ ᠯᠠᠭᠤ᠂ ᠥᠷᠥᠮ᠎ᠡ ᠬᠤᠯᠠᠭᠠᠶᠢᠴᠢ ᠶᠢᠨ ᠠᠪᠠᠭᠠᠯᠳᠠᠢ᠂ ᠭᠦᠷᠪᠡᠯ᠂ ᠮᠡᠯᠡᠬᠡᠢ ᠪᠠ ᠰᠢᠪᠠᠵᠢ ᠵᠡᠷᠭᠡ

ᠠᠮᠢᠲᠠᠨ ᠪᠠᠷ ᠢᠳᠡᠰᠢ ᠪᠣᠯᠭᠠᠳᠠᠭ᠃

救助苍鹭3.jpg

     ᠳᠠᠯᠠᠪᠴᠢ ᠨᠢ ᠰᠢᠷᠬᠠᠲᠤᠭᠰᠠᠨ  ᠠᠴᠠ ᠲᠦᠷ ᠴᠠᠭ ᠨᠢᠰᠬᠦ  ᠶᠢᠨ ᠠᠷᠭ᠎ᠠ ᠦᠭᠡᠢ ᠪᠣᠯᠤᠭᠰᠠᠨ ᠪᠣᠯᠬᠤᠷ ᠮᠤᠨᠠ ᠠᠭᠤᠯᠠ  ᠶᠢᠨ ᠠᠵᠤ ᠦᠢᠯᠡᠳᠪᠦᠷᠢ  ᠶᠢᠨ

ᠬᠦᠷᠢᠶᠡᠯᠡᠩ ᠤᠨ ᠲᠣᠮᠢᠯᠠᠭᠰᠠᠨ ᠰᠠᠯᠪᠤᠷᠢ ᠡᠨᠡᠬᠦ ᠬᠥᠬᠡ ᠳᠡᠭᠡᠯᠡᠢ  ᠶᠢ ᠬᠡᠭᠡᠷ᠎ᠡ  ᠶᠢᠨ ᠠᠮᠢᠲᠠᠨ  ᠢ ᠠᠪᠤᠷᠠᠨ ᠲᠤᠰᠠᠯᠠᠬᠤ ᠥᠷᠲᠡᠭᠡᠨ ᠳᠤ ᠰᠢᠯᠵᠢᠭᠦᠯᠦᠨ ᠲᠤᠰᠢᠶᠠᠵᠤ᠂

ᠲᠡᠭᠦᠨ  ᠢ ᠪᠦᠷᠢᠮᠦᠰᠦᠨ  ᠡᠳᠡᠭᠡᠷᠡᠭᠰᠡᠨ ᠤ ᠳᠠᠷᠠᠭ᠎ᠠ ᠡᠬᠡ ᠪᠠᠶᠢᠭᠠᠯᠢ  ᠳᠤ ᠲᠠᠯᠪᠢᠬᠤ ᠪᠠᠷ  ᠪᠣᠯᠭᠠᠪᠠ᠃

救助苍鹭4.jpg

 

ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ