︽ᠣᠷᠠᠳ︾ ᠭᠡᠳᠡᠭ ᠦᠭᠡ ᠶᠢᠨ ᠲᠣᠬᠠᠢ
ᠨᠡᠶᠢᠲᠡᠯᠡᠭᠰᠡᠨ ᠴᠠᠭ᠄
2022/6/9
      ᠲᠡᠣᠬᠡᠴᠢ ᠷᠢᠨᠴᠢᠨᠺᠠᠸᠠ ᠭᠤᠸᠠᠢ ᠲᠠᠶᠢᠯᠪᠣᠷᠢᠯᠠᠬᠤ ᠳᠠᠭᠠᠨ᠄ ︽ᠣᠷᠠᠳ ︵ᠣᠷᠠᠨ ᠤ ᠣᠯᠠᠨ ᠲᠤᠭ᠎ᠠ ᠪᠣᠶᠣ ᠣᠷᠠᠳᠴᠣᠳ︶᠂  ᠮᠣᠩᠭᠤᠯ ᠤᠨ ᠡᠷᠲᠡᠨ ᠤ ᠲᠡᠣᠬᠡᠨ ᠲᠣᠯᠭᠤᠷ  ᠪᠢᠴᠢᠭ ᠤᠳ ᠲᠤ ᠲᠡᠮᠳᠡᠭᠯᠡᠭᠰᠡᠨ ᠠᠴᠠ ᠦᠵᠡᠬᠦ ᠳᠤ᠂ ᠲᠣᠬᠠᠢ ᠶᠢᠨ ᠦᠶ᠎ᠡ ᠶᠢᠨ ᠨᠡᠭᠦᠳᠡᠯ ᠤᠨ ᠨᠡᠶᠢᠭᠡᠮᠯᠢᠭ ᠤᠨ ᠦᠢᠯᠡᠳᠪᠦᠷᠢᠯᠡᠯ ᠠᠮᠢᠳᠣᠷᠠᠯ  ᠤᠨ ᠪᠠ ᠪᠠᠲᠣᠯᠠᠨ ᠬᠠᠮᠠᠭᠠᠯᠠᠯᠲᠠ ᠶᠢᠨ ᠪᠠᠭᠠᠵᠢ ᠬᠡᠷᠡᠭᠰᠡᠯ᠂ ᠵᠡᠷ ᠵᠡᠪᠰᠡᠭ ᠣᠷᠠᠯᠠᠬᠤ ᠶᠠᠪᠣᠳᠠᠯ ᠪᠠᠷᠤᠭ ᠮᠣᠩᠭᠤᠯᠴᠣᠳ ᠤᠨ ︵ᠡᠷ᠎ᠡ ᠲᠣᠲᠣᠮ︶ ᠤᠨ ᠡᠬᠦᠷᠭᠡ ᠠᠭᠰᠠᠨ ᠠᠵᠠᠢ᠃  ᠡᠨᠡ ᠲᠣᠬᠠᠢ  ︿ᠨᠢᠭᠤᠴᠠ ᠲᠤᠪᠴᠢᠶᠠᠨ﹀ ᠳᠤ᠄ ︿… ᠲᠡᠮᠦᠵᠢᠨ ᠰᠣᠮᠣᠴᠢ ᠬᠢᠲᠣᠭᠠᠢ ︵  ᠰᠣᠮᠣ ᠣᠷᠠᠯᠠᠬᠤ ᠬᠢᠲᠤᠭ᠎ᠠ ᠪᠤᠯᠤᠨ᠎ᠠ᠃ ᠡᠶᠢᠮᠤ ᠬᠢᠲᠤᠭ᠎ᠠ ᠶᠢ ᠣᠳᠣᠬᠢ ᠮᠣᠩᠭᠤᠯ ᠬᠡᠯᠡᠨ ᠳᠤ ︿ᠣᠨᠣᠪᠴᠢ﹀ ᠬᠡᠨ᠎ᠡ᠃ ︶ ᠪᠠᠷ ᠢᠶᠠᠨ ᠮᠣᠳᠣᠨ ᠢ ᠣᠭᠲᠣᠯᠵᠣ ᠭᠠᠷᠭᠠᠪᠠ᠃﹀ ᠂ ︿  ᠣᠷᠢᠶᠠᠩᠬᠠᠢ ᠬᠦᠮᠦᠨ ᠵᠠᠷᠴᠢᠭᠤᠲᠠᠢ ᠡᠪᠦᠬᠡᠨ ᠬᠦᠬᠡᠷᠭᠡ ︵ᠲᠡᠮᠦᠷᠯᠢᠭ ᠲᠠᠪᠲᠠᠬᠤ ᠳᠤ ᠬᠡᠷᠭᠯᠡᠬᠦ ᠬᠦᠬᠡᠷᠭᠡ︶ ᠪᠠᠨ ᠡᠭᠦᠷᠴᠣ ᠵᠠᠯᠮ᠎ᠠ ᠨᠠᠷᠡᠲᠣ ᠬᠦᠪᠡᠬᠦᠨ ᠢᠶᠠᠨ ᠣᠳᠣᠷᠢᠳᠴᠣ  ︵ᠳᠠᠭᠠᠭᠤᠯᠵᠣ︶ ᠢᠷᠡᠪᠡ᠃﹀᠂  ︿ᠰᠦᠪᠡᠭᠡᠲᠡᠢ ᠳᠤᠷ ᠲᠡᠮᠦᠷ ᠲᠡᠷᠭᠡ ᠳᠡᠯᠡᠳᠴᠦ ︵ᠦᠢᠯᠡᠳᠴᠦ︶ ᠦᠭᠴᠦ ᠴᠠᠬᠤᠷᠠᠬᠤᠯᠪᠠᠢ ︵  ᠠᠶᠠᠨ ᠲᠠᠶᠢᠨ ᠬᠢᠯᠭᠡᠪᠡ︶…﹀ ᠬᠡᠬᠦ ᠵᠡᠷᠭᠡ ᠪᠠᠷ ᠲᠡᠮᠳᠡᠭᠯᠡᠭᠰᠡᠨ ᠪᠠᠶᠢᠳᠠᠭ᠃     ᠰᠡᠬᠦᠯ ᠳᠡᠭᠡᠨ ᠮᠣᠩᠭᠤᠯ ᠤᠨ ᠨᠡᠶᠢᠭᠡᠮᠯᠢᠭ ᠤᠨ ᠠᠵᠢᠯ ᠬᠤᠪᠢᠶᠠᠷᠢᠯᠠᠯᠲᠠ ᠨᠠᠷᠢᠰᠬᠤ ᠶᠢᠨ ᠳᠠᠭᠤ ᠭᠡᠷ ᠲᠡᠷᠭᠡ᠂ ᠪᠠᠭᠠᠵᠢ ᠬᠡᠷᠡᠭᠰᠡᠯ᠂ ᠵᠡᠷ ᠵᠡᠪᠰᠡᠭ ᠤᠨ ᠭᠡᠬᠦ ᠮᠡᠳᠣ ᠶᠢᠨ ᠲᠣᠰᠬᠠᠢ ᠣᠷᠠᠳ ᠤᠨ ᠡᠩᠨᠡᠭᠡ ᠪᠦᠷᠢᠯᠳᠦᠭᠰᠡᠨ ᠪᠠᠶᠢᠨ᠎ᠠ᠃     1206 ᠣᠨ ᠳᠤ ᠶᠡᠭᠡ ᠮᠣᠩᠭᠤᠯ ᠣᠯᠣᠰ ᠪᠠᠶᠢᠭᠤᠯᠤᠭᠳᠠᠭᠰᠠᠨ ᠤ ᠳᠠᠷᠠᠭ᠎ᠠ ᠬᠠᠷ᠎ᠠ ᠬᠤᠷᠣᠮ ᠵᠡᠷᠭᠡ ᠭᠠᠵᠠᠷ᠂ ᠣᠷᠠᠳ ᠤᠨ ᠲᠣᠰᠬᠠᠢ ᠪᠠᠶᠢᠭᠤᠯᠤᠮᠵᠢ ᠵᠣᠬᠢᠶᠠᠨ ᠠᠷᠠᠪ ᠠᠴᠠ ᠮᠡᠷᠭᠡᠵᠢᠯᠲᠡᠨ ᠪᠠᠭᠰᠢ ᠣᠷᠢᠵᠤ ᠣᠷᠢᠵᠣ ᠠᠪᠴᠢᠷᠠᠨ ᠣᠨᠢᠰᠣᠨ ᠬᠦᠷᠲᠣ ︵ᠪᠠᠬᠢᠯᠡᠯᠲᠡ᠂ ᠵᠢᠭᠰᠡᠭᠠᠯ ᠡᠪᠳᠡᠬᠦ ᠮᠠᠰᠢᠨ ᠪᠤᠯᠤᠨ᠎ᠠ᠃ ᠡᠨᠡ ᠲᠣᠬᠠᠢ ︿ᠮᠡᠷᠭᠡᠳ ᠭᠠᠷᠬᠤ ᠶᠢᠨ ᠣᠷᠣᠨ﹀ ᠳᠤ᠄ ︿  ᠲᠠᠯ᠎ᠠ ᠶᠢᠨ ᠬᠤᠷᠬ᠎ᠠ  ﹇ᠪᠠᠬᠢᠯᠡᠯᠲᠡ﹈ ᠶᠢ ᠡᠪᠳᠡᠬᠦᠢ ᠴᠢᠯᠠᠭᠤᠨ ᠤ ᠣᠨᠢᠰᠣᠨ ᠬᠦᠷᠲᠣ  ﹇  ᠵᠢᠭᠰᠠᠭᠠᠯ﹈ ᠂ ᠣᠰᠣᠨ ᠬᠤᠷᠬ᠎ᠠ ᠶᠢ ᠡᠪᠳᠡᠬᠦᠢ  ᠣᠩᠭᠤᠴᠠᠨ ᠣᠨᠢᠰᠣᠨ ᠬᠦᠷᠲᠣ᠂ ᠠᠭᠤᠯᠠᠨ ᠬᠤᠷᠬ᠎ᠠ ᠶᠢ ᠡᠪᠳᠡᠬᠦᠢ ᠭᠠᠯ ᠤᠨ ᠣᠨᠢᠰᠣᠨ ᠬᠦᠷᠲᠣ᠂ ᠢᠯᠳᠣ ᠡᠷᠬᠢᠬᠦᠯᠬᠦᠢ ᠲᠣᠩᠭᠠᠷᠢᠭ ᠤᠨ ᠣᠨᠢᠰᠣᠨ ᠬᠦᠷᠲᠣ᠂ ᠦᠵᠦᠭᠦᠷ ᠢ ᠰᠠᠯᠭᠠᠬᠤ ᠬᠡᠢ ᠶᠢᠨ ᠣᠨᠢᠰᠣᠨ ᠬᠦᠷᠲᠣ᠂ ᠦᠪᠡᠷ ᠤᠨ ᠠᠮᠢᠨ ᠢ ᠰᠠᠬᠢᠭᠴᠢ ᠢᠯᠳᠣᠨ ᠤ ᠣᠨᠢᠰᠣᠨ ᠬᠦᠷᠲᠣ  ᠨᠦᠭᠦᠳ ᠪᠣᠯᠠᠢ﹀  ᠭᠡᠵᠦ ᠲᠡᠮᠳᠡᠭᠯᠡᠵᠡᠢ᠃ ᠦᠢᠯᠡᠳᠬᠦ ᠣᠷᠠᠨ ᠮᠡᠷᠭᠡᠵᠢᠯ  ᠵᠢᠭᠠᠯᠭᠠᠵᠦ ᠪᠠᠶᠢᠵᠠᠢ᠃     ︿ᠮᠣᠩᠭᠤᠯ ᠤᠨ ᠪᠦᠬᠦ ᠴᠡᠷᠢᠭ ᠢ ᠵᠠᠬᠦᠨ᠂ ᠪᠠᠷᠠᠭᠤᠨ᠂ ᠲᠣᠮᠳᠠ ᠭᠡᠵᠦ ᠭᠤᠷᠪᠠᠨ ᠲᠦᠮᠡ ᠬᠤᠪᠢᠶᠠᠭᠰᠠᠨ ᠤ ᠳᠠᠷᠠᠭ᠎ᠠ᠂ ᠬᠡᠷᠡᠭᠰᠡᠯ ᠤᠨ ᠮᠣᠳᠣ ᠪᠠ ᠴᠣᠳᠬᠠᠯ ᠴᠠᠪᠤ ︵ᠵᠢᠭᠠᠰᠣᠨ ᠴᠠᠪᠠᠣ︶ ᠶᠢᠨ ᠭᠠᠷᠣᠯᠲᠠ ᠰᠠᠶᠢᠲᠠᠢ ᠬᠠᠷᠭᠤᠨ᠂ ᠵᠢᠳᠣᠨ᠂ ᠲᠡᠷᠯᠡᠬᠦᠨ ᠤ ᠲᠦᠮᠡᠨ ︵ᠣᠳᠣᠬᠢ ᠬᠢᠩᠭᠠᠨ ᠳᠠᠪᠠᠭ᠎ᠠ ᠳᠠᠭᠤ ᠬᠦᠯᠦᠨ ᠪᠦᠢᠷ ᠵᠡᠷᠭᠡ ᠭᠠᠵᠠᠷ︶ ᠳᠤ ᠨᠢᠭᠡ ᠠᠶᠢᠮᠠᠭ ᠣᠷᠠᠳ ᠰᠠᠭᠤᠯᠭᠠᠵᠠᠢ᠃ ᠡᠬᠦᠨ᠎ᠡ ᠠᠶᠢᠮᠠᠭ ᠤᠨ ᠲᠦᠷᠦᠭᠦᠦ ᠪᠣᠷᠬᠠᠢ ᠬᠡᠮᠡᠭᠴᠢ ᠶᠢᠨ ᠬᠦᠪᠡᠭᠦᠨ ᠷᠠᠬ᠎ᠠ᠂ ᠪᠠᠷᠰᠠᠢ᠂ ᠰᠡᠷᠡᠩ᠂ ᠣᠴᠢ ᠬᠦᠪᠡᠭᠦᠨ ᠣᠮᠪᠦ᠂ ᠲᠣᠸ᠎ᠠ ᠨᠠᠷ ᠣᠣᠯ ᠠᠶᠢᠮᠠᠭ ᠤᠨ ᠭᠤᠷᠪᠠᠨ ᠨᠣᠭᠤᠭ ᠢ ᠮᠡᠳᠡᠵᠦ  ᠪᠠᠶᠢᠪᠠ﹀ ᠭᠡᠵᠦ  ᠲᠡᠮᠳᠡᠭᠯᠡᠭᠰᠡᠨ ᠪᠠᠶᠢᠨ᠎ᠠ ︾ ᠭᠡᠵᠡᠢ᠃  ᠣᠳᠣᠬᠠᠨ ᠳᠠᠭᠠᠨ ᠡᠷᠲᠡᠮᠲᠡᠳ ᠤᠨ ᠰᠣᠳᠣᠯᠭ᠎ᠠ ᠨᠤᠭᠤᠳ ᠴᠣ᠋ ᠡᠭᠦᠨ ᠢ ᠵᠦᠪ ᠬᠡᠮᠡᠨ ᠨᠣᠲᠠᠯᠠᠭᠰᠠᠭᠠᠷ ᠪᠣᠢ᠃
ᠢᠷᠡᠯᠲᠡ᠄ ᠤᠷᠠᠳ ᠠᠷᠠᠳ ᠤᠨ ᠵᠠᠩ ᠦᠢᠯᠡ ︵ᠳᠡᠭᠡᠲᠦ︶