ᠬᠢᠴᠢᠶᠡᠭᠡᠷᠡᠢ︕  ᠦᠷᠭᠦᠯᠵᠢ ᠬᠠᠷᠠᠭᠳᠠᠳᠠᠭ ᠡᠳᠡᠭᠡᠷ ᠢᠳᠡᠭᠡᠨ ᠳᠤ ᠪᠠᠰᠠ ᠬᠤᠣᠷᠳᠠᠭᠳᠠᠬᠤ ᠮᠠᠭᠠᠳ
ᠨᠡᠶᠢᠲᠡᠯᠡᠭᠰᠡᠨ ᠴᠠᠭ᠄
2022/6/7
      ᠴᠣᠺᠣᠯᠠᠳ᠋ ᠲᠤ ᠰᠢᠬᠢᠷ ᠤᠨ ᠥᠭᠡᠬᠦ ᠡᠯᠪᠡᠭ ᠠᠭᠤᠯᠤᠭᠳᠠᠵᠤ᠂ ᠬᠢᠬᠦ ᠶᠠᠪᠤᠴᠠ ᠨᠢ ᠪᠤᠳᠤᠯᠢᠶᠠᠨᠲᠠᠶ᠂ ᠰᠠᠯᠮᠤᠨᠧᠯ ᠪᠠᠺᠲ᠋ᠧᠷᠢ ᠮᠡᠳᠤ ᠶᠢᠨ ᠮᠢᠺᠷᠣᠪ ᠲᠤ ᠪᠤᠵᠠᠷᠳᠤᠬᠤ ᠪᠣᠯᠤᠯᠴᠠᠭ᠎ᠠ ᠲᠠᠢ᠃ ᠰᠠᠯᠮᠤᠨᠧᠯ ᠪᠠᠺᠲ᠋ᠧᠷᠢ ᠨᠢ ᠣᠯᠠᠨ ᠤ ᠰᠠᠶᠢᠨ ᠮᠡᠳᠡᠳᠡᠭ ᠨᠢᠭᠡ ᠵᠥᠢᠯ ᠤᠨ ᠢᠳᠡᠭᠡᠨ ᠠᠴᠠ ᠢᠷᠡᠯᠲᠡ ᠲᠠᠢ ᠡᠪᠡᠳᠴᠢᠨ ᠡᠭᠦᠰᠭᠡᠭᠴᠢ ᠪᠣᠯᠤᠭᠰᠠᠨ ᠤ ᠬᠤᠪᠢ ᠳᠤ᠂ ᠮᠢᠬ᠎ᠠ ᠥᠨᠳᠡᠭᠡ ᠰᠦ ᠶᠢᠨ ᠳᠣᠲᠣᠷ᠎ᠠ ᠪᠠᠶᠢᠩᠭᠤ ᠠᠭᠤᠯᠤᠭᠳᠠᠳᠠᠭ᠃  ᠴᠣᠺᠣᠯᠠᠳ᠋ ᠨᠢ ᠲᠦᠭᠦᠬᠡᠶ ᠡᠳ᠋ ᠤᠨ ᠰᠦᠨ ᠲᠠᠯᠬ᠎ᠠ ᠶᠢᠨ ᠰᠠᠯᠮᠤᠨᠧᠯ ᠪᠠᠺᠲ᠋ᠧᠷᠢ ᠶᠢᠨ ᠪᠤᠵᠠᠷᠳᠤᠯ ᠠᠴᠠ ᠪᠣᠯᠵᠣ ᠬᠤᠤᠷᠲᠠᠭᠳᠠᠵᠤ ᠮᠡᠳᠡᠨ᠎ᠡ᠃ ᠡᠭᠦᠨ ᠠᠴᠠ ᠭᠠᠳᠠᠨ᠎ᠠ᠂ ᠴᠣᠺᠣᠯᠠᠳ᠋ ᠲᠤ  ᠠᠭᠤᠯᠤᠭᠳᠠᠵᠤ ᠪᠠᠶᠢᠭ᠎ᠠ ᠦᠬᠡᠬᠦ ᠲᠤᠰᠤ ᠨᠢ ᠰᠠᠯᠮᠤᠨᠧᠯ ᠪᠠᠺᠲ᠋ᠧᠷᠢ ᠶᠢ ᠬᠤᠳᠣᠭᠤᠳᠣᠨ ᠬᠦᠴᠢᠯ ᠳᠤ ᠤᠰᠠᠳᠬᠠᠭᠳᠠᠬᠤ ᠠᠴᠠ ᠵᠠᠶᠢᠯᠠᠰᠬᠢᠭᠤᠯᠲᠠᠭ ᠪᠤᠯᠬᠤᠷ ᠪᠤᠬᠢᠷᠲᠤᠬᠰᠠᠨ ᠴᠣᠺᠣᠯᠠᠳ᠋ ᠢ ᠢᠳᠡᠪᠡᠯ ᠢᠳᠡᠭᠡᠨ ᠳᠤ ᠬᠤᠤᠷᠳᠠᠭᠳᠠᠬᠤ ᠶᠠᠪᠤᠲᠠᠯ ᠠᠮᠠᠷᠬᠠᠨ ᠡᠬᠦᠰᠦᠨ᠎ᠡ᠃ ᠰᠠᠯᠮᠤᠨᠧᠯ ᠪᠠᠺᠲ᠋ᠧᠷᠢ ᠣᠯᠠᠨ ᠲᠥᠷᠥᠯ ᠤᠨ ᠢᠳᠡᠭᠡᠨ ᠳᠤ ᠣᠷᠣᠰᠢᠵᠤ᠂ ᠲᠡᠭᠦᠨ ᠤ  ᠳᠣᠲᠣᠷ᠎ᠠ ᠮᠢᠬᠠᠨ ᠤ ᠲᠥᠷᠥᠯ᠂ ᠵᠢᠭᠠᠰᠤᠨ ᠤ ᠲᠥᠷᠥᠯ᠂ ᠥᠨᠳᠡᠭᠡᠨ ᠤ ᠲᠥᠷᠥᠯ ᠪᠠ ᠰᠦᠨ ᠤ ᠲᠥᠷᠥᠯ ᠮᠠᠰᠢ ᠣᠯᠠᠨ ᠪᠠᠶᠢᠳᠠᠭ ᠪᠦᠭᠡᠳ ᠪᠠᠰᠠ ᠤᠷᠭᠤᠮᠠᠯ ᠤᠨ ᠨᠠᠪᠴᠢᠨ ᠳᠣᠲᠣᠷ᠎ᠠ ᠪᠠᠰᠠ ᠪᠤᠰᠤᠳ ᠪᠠᠺᠲ᠋ᠧᠷᠢ ᠶᠢᠨ ᠲᠥᠷᠥᠯ ᠤᠨ ᠰᠠᠯᠮᠤᠨᠧᠯ ᠪᠠᠺᠲ᠋ᠧᠷᠢ ᠣᠷᠣᠰᠢᠵᠤ ᠪᠠᠶᠢᠳᠠᠭ᠂  ᠣᠨᠴᠠᠭᠠᠶᠢᠯᠠᠨ ᠬᠦᠢᠲᠡᠨ ᠢᠶᠠᠷ ᠬᠤᠯᠢᠵᠤ ᠢᠳᠡᠬᠦ ᠲᠦᠭᠦᠬᠡᠶ ᠨᠣᠭᠤᠭ᠎ᠠ᠂ ᠮᠠᠭᠠᠵᠢ ᠨᠣᠭᠤᠭ᠎ᠠ᠂  ᠦᠨᠦᠷᠲᠦ  ᠨᠣᠭᠤᠭ᠎ᠠ᠂  ᠯᠤᠤᠯᠢ᠂ ᠪᠠᠳᠷᠠᠰᠢ᠂ ᠪᠥᠭᠡᠷᠡᠩᠬᠡᠶ ᠴᠠᠭᠠᠨ ᠨᠣᠭᠤᠭ᠎ᠠ᠂ ᠰᠢᠯᠦᠬᠡᠶ ᠨᠣᠭᠤᠭ᠎ᠠ ᠵᠡᠷᠭᠡ ᠨᠣᠭᠤᠭᠠᠨ ᠨᠠᠪᠴᠢᠲᠤ ᠨᠣᠭᠤᠭ᠎ᠠ ᠳᠤ ᠶᠡᠭᠡ ᠪᠠᠶᠢᠳᠠᠭ᠃ ᠲᠥᠪᠡᠳ ᠬᠠᠰᠢ᠂ ᠥᠩᠭᠡᠲᠦ ᠯᠠᠵᠤᠤ᠂ ᠥᠷᠭᠡᠰᠦᠲᠦ ᠬᠡᠮᠬᠡ ᠶᠢᠨ ᠨᠠᠪᠴᠢᠨ ᠳᠣᠲᠣᠷ᠎ᠠ ᠬᠤᠯᠤᠭᠠᠨ᠎ᠠ ᠶᠢᠨ ᠬᠢᠵᠢᠭ ᠤᠨ ᠰᠠᠯᠮᠤᠨᠧᠯ ᠪᠠᠺᠲ᠋ᠧᠷᠢ ᠣᠷᠣᠰᠢᠵᠤ ᠮᠡᠳᠡᠨ᠎ᠡ᠃ ᠰᠠᠯᠮᠤᠨᠧᠯ ᠪᠠᠺᠲ᠋ᠧᠷᠢ ᠶᠢᠨ ᠪᠤᠵᠠᠷᠳᠤᠯ ᠢ ᠰᠡᠷᠭᠡᠶᠢᠯᠡᠬᠦ ᠳᠤ᠂ ᠪᠢᠳᠡ ᠠᠮᠢᠲᠠᠨ ᠤ ᠴᠢᠨᠠᠷᠲᠠᠶ ᠢᠳᠡᠭᠡᠨ ᠤ ᠪᠤᠵᠠᠷᠳᠤᠯ ᠢ ᠴᠢᠬᠤᠯᠠᠴᠢᠯᠠᠬᠤ ᠪᠠᠷ ᠪᠠᠷᠠᠬᠤ ᠦᠭᠡᠢ᠂ ᠪᠠᠰᠠ ᠢᠳᠡᠰᠢᠨ ᠨᠣᠭᠤᠭ᠎ᠠ ᠪᠠ  ᠪᠤᠰᠤᠳ ᠤᠷᠭᠤᠮᠠᠯ ᠤᠨ ᠴᠢᠨᠠᠷᠲᠠᠶ ᠢᠳᠡᠭᠡᠨ ᠤ ᠪᠤᠵᠠᠷᠳᠤᠯ ᠢ ᠰᠡᠷᠭᠡᠶᠢᠯᠡᠬᠦ ᠬᠡᠷᠡᠭᠲᠡᠶ᠃ ᠰᠠᠯᠮᠤᠨᠧᠯ ᠪᠠᠺᠲ᠋ᠧᠷᠢ ᠶᠢᠨ ᠢᠳᠡᠭᠡᠨ ᠳᠤ ᠬᠤᠣᠷᠳᠠᠭᠳᠠᠬᠤ ᠨᠢ  ᠶᠡᠷᠦ ᠳᠡᠭᠡᠨ ᠠᠮᠠ ᠪᠠᠷ ᠣᠷᠣᠵᠤ ᠰᠢᠩᠭᠡᠭᠡᠯᠲᠡ ᠶᠢᠨ  ᠵᠠᠮ ᠢᠶᠠᠷ ᠬᠠᠯᠳᠠᠪᠤᠷᠢᠯᠠᠨ᠎ᠠ᠃ ᠰᠠᠯᠮᠤᠨᠧᠯ ᠪᠠᠺᠲ᠋ᠧᠷᠢ ᠰᠢᠯᠵᠢᠷᠠᠮ᠎ᠠ ᠬᠠᠯᠠᠭᠤᠨ ᠢ ᠡᠰᠡᠷᠭᠦᠴᠡᠬᠦ ᠴᠢᠳᠠᠪᠤᠷᠢ ᠨᠢ ᠨᠡᠯᠢᠶᠡᠳ ᠪᠠᠭᠤᠷᠠᠶ᠂ 80 ℃ ᠲᠤ ᠤᠰᠠᠳᠤᠨ᠎ᠠ᠃ ᠡᠶᠢᠮᠦ ᠠᠴᠠ ᠰᠠᠯᠮᠤᠨᠧᠯ  ᠪᠠᠺᠲ᠋ᠧᠷᠢ ᠶᠢᠨ ᠪᠤᠵᠠᠷᠳᠤᠯ ᠠᠴᠠ ᠵᠠᠶᠢᠯᠠᠰᠬᠢᠬᠦ ᠶᠢᠨ ᠲᠤᠯᠠᠲᠠ᠂ ᠬᠡᠷ ᠲᠡᠭᠡᠨ ᠢᠳᠡᠭᠡᠨ ᠬᠢᠬᠦ ᠳᠡᠭᠡᠨ᠂ ᠤᠷᠤᠰᠤᠮᠠᠯ ᠤᠰᠤ ᠪᠠ ᠭᠠᠷ ᠤᠬᠢᠶᠠᠬᠤ ᠰᠢᠩᠭᠡᠨ ᠢᠶᠠᠷ ᠭᠠᠷ ᠢᠶᠠᠨ ᠰᠠᠶᠢᠨ ᠤᠬᠢᠶᠠᠬᠤ ᠬᠡᠷᠡᠭᠲᠡᠢ᠃ ᠬᠤᠭᠤᠯᠠ ᠬᠢᠬᠦ ᠶᠠᠪᠤᠴᠠ ᠳᠤ ᠮᠢᠬ᠎ᠠ ᠦᠨᠳᠡᠭᠡ ᠵᠡᠷᠭᠡ ᠲᠦᠬᠦᠬᠡᠢ ᠢᠳᠡᠭᠡᠨ ᠳᠤ ᠬᠦᠷᠦᠯᠴᠡᠭᠰᠡᠨ ᠪᠣᠯ ᠭᠠᠷ ᠢᠶᠠᠨ ᠲᠠᠬᠢᠵᠦ ᠭᠠᠶᠢᠭᠤᠢ ᠤᠬᠢᠶᠠᠬᠤ ᠬᠡᠷᠡᠭᠲᠡᠢ᠃ ᠮᠢᠬᠠᠨ ᠤ ᠵᠦᠢᠯ ᠪᠠ ᠥᠨᠳᠡᠭᠡᠨ ᠤ ᠵᠦᠢᠯ ᠢ ᠴᠢᠨᠠᠵᠤ ᠪᠤᠯᠭᠤᠴᠢᠬᠠᠭᠠᠳ ᠢᠳᠡᠨ᠎ᠡ᠂ ᠬᠢᠲᠤᠭ᠎ᠠ ᠪᠠᠭᠠᠵᠢ᠂ ᠳᠥᠰᠢ ᠬᠠᠪᠲᠠᠰᠤ ᠪᠠ ᠢᠳᠡᠭᠡᠨ ᠤ ᠰᠠᠪᠠ ᠬᠡᠷᠡᠭᠰᠡᠯ ᠢ ᠬᠠᠯᠠᠭᠤᠨ ᠤᠰᠤ ᠪᠠᠷ ᠭᠠᠶᠢᠭᠤᠢ ᠤᠬᠢᠶᠠᠵᠤ ᠴᠡᠪᠡᠷᠯᠡᠬᠦ ᠬᠡᠷᠡᠭᠲᠡᠶ᠃ ᠡᠭᠦᠨ ᠠᠴᠠ ᠭᠠᠳᠠᠨ᠎ᠠ  ᠰᠠᠨᠠᠭᠤᠯᠬᠤ ᠨᠢ᠄  ᠫᠠᠰᠲ᠋ᠤᠷ ᠤᠨ ᠠᠷᠢᠭᠤᠳᠬᠠᠯ ᠬᠢᠭᠰᠡᠨ ᠥᠬᠡᠶ ᠦᠨᠢᠶᠡᠨ ᠰᠦ ᠶᠢ ᠪᠤᠯ ᠵᠡᠭᠡᠵᠦ ᠪᠤᠴᠠᠯᠭᠠᠭᠠᠳ ᠤᠤᠭᠤᠭᠠᠠᠷᠠᠢ᠃
ᠢᠷᠡᠯᠲᠡ᠄ ᠠᠷᠠᠳ ᠤᠨ ᠰᠦᠯᠵᠢᠶ᠎ᠡ