ᠶᠠᠮᠠᠷ ᠮᠠᠲ᠋ᠧᠷᠢᠶᠠᠯ ᠤᠨ ᠴᠣᠮᠣ ᠨᠢ ᠬᠥᠮᠦᠨ ᠤ ᠪᠡᠶ᠎ᠡ ᠳᠤ ᠬᠤᠤᠷᠲᠠᠶ ᠪᠣᠶ︖
ᠨᠡᠶᠢᠲᠡᠯᠡᠭᠰᠡᠨ ᠴᠠᠭ᠄
2022/6/7
       ᠬᠥᠮᠦᠨ ᠤ ᠪᠡᠶ᠎ᠡ ᠳᠤ ᠬᠤᠣᠷᠲᠠᠢ ᠴᠣᠮᠣ ᠶᠢ ᠬᠡᠯᠡᠪᠡᠯ᠂ ᠲᠠ ᠤᠷᠢᠳ ᠢᠶᠠᠷ ᠰᠦᠯᠢᠶᠣᠣ  ᠴᠣᠮᠣ ᠶᠢ  ᠪᠤᠳᠤᠵᠤ  ᠤᠯᠬᠤ ᠪᠠᠶᠢᠬ᠎ᠠ︖ ᠭᠡᠪᠡᠴᠦ ᠰᠦᠯᠢᠶᠣᠣ ᠶᠢᠨ ᠲᠦᠷᠦᠯ ᠵᠦᠢᠯ ᠮᠠᠰᠢ ᠤᠯᠠᠨ ᠪᠠᠶᠢᠨ᠎ᠠ᠂ ᠪᠤᠢ ᠪᠦᠬᠦᠢ ᠰᠦᠯᠢᠶᠣᠣ ᠴᠣᠮᠣ ᠪᠦᠷ ᠬᠥᠮᠦᠨ ᠤ ᠪᠡᠶ᠎ᠡ ᠳᠤ ᠬᠤᠣᠷᠲᠠᠢ ᠪᠢᠰᠢ᠃                ᠣᠯᠠᠩᠬᠢ ᠰᠦᠯᠢᠶᠣᠣ ᠴᠣᠮᠣ ᠨᠢ ᠶᠡᠭᠡ ᠬᠠᠯᠠᠭᠤᠨ ᠳᠤ ᠲᠡᠰᠪᠦᠷᠢ ᠦᠭᠡᠢ᠂ ᠵᠢᠱᠢᠶᠡᠯᠡᠪᠡᠯ ᠪᠥᠭᠡᠭᠡᠨᠡᠷᠡᠯ ᠹᠧᠨᠢᠯ ᠡᠲ᠋ᠧᠨ᠂ ᠪᠥᠭᠡᠭᠡᠨᠡᠷᠡᠯ ᠹᠧᠨᠢᠯ ᠬᠤᠶᠠᠷ ᠮᠧᠲ᠋ᠢᠯᠲᠦ ᠬᠦᠴᠢᠯ ᠤᠨ ᠡᠲ᠋ᠢᠯ ᠬᠤᠶᠠᠷᠴᠢ ᠡᠰᠲ᠋ᠧᠷ ᠵᠡᠷᠭᠡ ᠪᠣᠯᠤᠨ᠎ᠠ᠂ ᠳᠡᠭᠡᠷᠡᠬᠢ ᠮᠠᠲ᠋ᠧᠷᠢᠶᠠᠯ ᠢᠶᠠᠷ ᠬᠢᠭᠰᠡᠨ ᠰᠦᠯᠢᠶᠣᠣ ᠴᠣᠮᠣᠨ ᠳᠤ ᠬᠠᠯᠠᠭᠤᠨ ᠤᠮᠳᠠᠭᠠᠨ ᠰᠠᠪᠠᠯᠠᠪᠠᠯ᠂ ᠹᠧᠨᠢᠯ ᠡᠲ᠋ᠧᠨ ᠤ ᠲᠠᠩ ᠪᠡᠶ᠎ᠡ ᠵᠡᠷᠭᠡ ᠬᠤᠣᠷᠲᠤ ᠪᠣᠳᠠᠰ ᠡᠭᠦᠰᠦᠨ᠎ᠡ᠃ ᠭᠡᠪᠡᠴᠦ ᠡᠮ ᠤᠨ ᠬᠡᠮᠵᠢᠶ᠎ᠡ ᠶᠢ ᠲᠠᠶᠠᠭᠳᠠᠵᠤ ᠬᠤᠣᠷᠲᠤ ᠴᠢᠨᠠᠷ ‍ᠤᠨ‌‍ᠲ᠋ᠤᠬᠠᠢ ᠶᠠᠷᠢᠬᠤ ᠨᠢ ᠪᠠᠰᠠ ᠰᠢᠨᠵᠢᠯᠡᠬᠦ ᠤᠬᠠᠭᠠᠨᠴᠢ ᠪᠢᠰᠢ ᠶᠤᠮ᠂ ᠹᠧᠨᠢᠯ ᠡᠲ᠋ᠧᠨ ᠤ ᠳᠠᠩ ᠪᠡᠶ᠎ᠡ ᠶᠢᠨ ᠰᠢᠯᠵᠢᠬᠦ ᠬᠡᠮᠵᠢᠶ᠎ᠡ ᠨᠢ ᠭᠤᠣᠯᠳᠠᠭᠤ ᠬᠦᠷᠦᠯᠴᠡᠭᠰᠡᠨ  ᠳᠤᠯᠠᠭᠠᠨ ᠤ ᠬᠡᠮᠵᠢᠶ᠎ᠡ᠂ ᠤᠮᠳᠠᠭᠠᠨ ᠳᠣᠲᠣᠷᠠᠬᠢ ᠥᠭᠡᠬᠦᠯᠢᠭ ᠡᠳ᠋ ᠤᠨ ᠠᠭᠤᠯᠤᠭᠳᠠᠴᠠ ᠶᠢᠨ ᠶᠡᠭᠡ ᠪᠠᠭ᠎ᠠ ᠵᠢᠴᠢ ᠤᠮᠳᠠᠭᠠᠨ ]ᠰᠠᠪᠠᠯᠠᠬᠰᠠᠨ ᠴᠠᠭ ᠢᠶᠠᠷ ᠲᠤᠭᠲᠠᠭᠠᠭᠳᠠᠨ᠎ᠠ᠃ ᠹᠧᠨᠢᠯ ᠡᠲ᠋ᠧᠨ ᠤ ᠳᠠᠩ ᠪᠡᠶ᠎ᠡ ᠶᠢᠨ ᠰᠢᠯᠵᠢᠬᠦ ᠬᠡᠮᠵᠢᠶ᠎ᠡ ᠨᠢ ᠶᠡᠷᠦ ᠳᠡᠭᠡᠨ ᠲᠡᠭᠦᠨ ᠤ ᠠᠭᠤᠯᠤᠭᠳᠠᠴᠠ ᠶᠢᠨ 0 . 025% ᠠᠴᠠ ᠬᠡᠲᠦᠷᠡᠬᠦ ᠦᠭᠡᠢ ᠶᠤᠮ᠂ ᠬᠡᠷᠪᠡ ᠨᠢᠭᠡ ᠡᠳᠦᠷ ᠵᠠᠭᠤᠨ ᠴᠣᠮᠣ ᠬᠠᠯᠠᠭᠤᠨ ᠤᠮᠳᠠᠭᠠᠨ ᠤᠤᠭᠤᠬᠤ  ᠦᠭᠡᠢ ᠪᠣᠯ ᠬᠥᠮᠦᠨ ᠤ ᠪᠡᠶ᠎ᠡ ᠳᠤ ᠨᠥᠯᠥᠭᠡ ᠪᠣᠯᠬᠤ ᠦᠭᠡᠢ ᠶᠤᠮ᠃ ᠴᠠᠭᠠᠷᠢᠭ ᠬᠦᠴᠢᠯᠲᠥ᠋ᠷᠥᠭᠴᠢᠲᠦ ᠳᠠᠪᠠᠷᠬᠠᠢ ᠪᠠᠷ ᠦᠢᠯᠡᠳᠦᠭᠰᠡᠨ ᠰᠠᠨᠰᠠᠷ ᠤᠨ ᠴᠣᠮᠣ ᠨᠢ ᠶᠡᠭᠡ  ᠬᠠᠯᠠᠭᠤᠨ ᠪᠤᠶᠤ ᠭᠡᠷᠡᠯ ᠤᠨ ᠲᠣᠰᠣᠯᠳᠠ ᠳᠣᠣᠷ᠎ᠠ ᠲᠡᠭᠦᠨ ᠤ ᠳᠠᠩ ᠪᠡᠶ᠎ᠡ ᠶᠢᠨ ᠬᠤᠣᠰ ᠹᠧᠨᠣᠯ A ᠶᠢ ᠡᠭᠦᠰᠭᠡᠳᠡᠭ᠂ ᠡᠨᠡ ᠨᠢ ᠬᠥᠮᠦᠨ ᠤ ᠪᠡᠶ᠎ᠡ ᠳᠤ ᠬᠤᠣᠷᠲᠠᠢ᠂ ᠡᠶᠢᠮᠦ ᠠᠴᠠ ᠤᠳᠤ ᠣᠯᠠᠩᠬᠢ ᠰᠦᠨ ᠤ ᠯᠣᠩᠬᠤ ᠨᠢ ᠴᠠᠭᠠᠷᠢᠭ  ᠬᠦᠴᠢᠯᠲᠥ᠋ᠷᠥᠭᠴᠢᠲᠦ ᠳᠠᠪᠠᠷᠬᠠᠢ ᠶᠢᠨ ᠮᠠᠲ᠋ᠧᠷᠢᠶᠠᠯ ᠢ ᠬᠡᠷᠡᠭᠯᠡᠬᠦ ᠦᠭᠡᠢ ᠪᠣᠯᠵᠠᠶ᠃ ᠪᠠᠰᠠ ᠵᠠᠷᠢᠮ ᠬᠥᠮᠦᠨ ᠭᠠᠭᠴᠠ ᠤᠳᠠᠭ᠎ᠠ ᠬᠡᠷᠡᠭᠯᠡᠬᠦ ᠴᠠᠭᠠᠰᠤᠨ ᠴᠣᠮᠣ ᠨᠢ ᠬᠥᠮᠦᠨ ᠤ ᠪᠡᠶ᠎ᠡ ᠳᠤ ᠬᠤᠣᠷᠲᠠᠢ ᠭᠡᠵᠦ ᠦᠵᠡᠳᠡᠭ᠂ ᠦᠨᠡᠨ ᠳᠡᠭᠡᠨ ᠭᠠᠭᠴᠠ ᠤᠳᠠᠭ᠎ᠠ ᠬᠡᠷᠡᠭᠯᠡᠬᠦ ᠴᠠᠭᠠᠰᠤᠨ ᠴᠣᠮᠣ ᠳᠤ ᠤᠳᠠᠭᠠᠨ ᠰᠠᠪᠠᠯᠠᠬᠤ ᠦᠭᠡᠶ᠂ ᠬᠡᠲᠦᠷᠬᠡᠶ ᠬᠠᠯᠠᠭᠤᠨ ᠤᠮᠳᠠᠭᠠᠨ ᠢ ᠰᠠᠪᠠᠯᠠᠬᠤ ᠦᠭᠡᠶ ᠪᠣᠯ ᠲᠡᠶᠢᠮᠦ ᠶᠡᠭᠡ ᠠᠰᠠᠭᠤᠳᠠᠯ ᠭᠠᠷᠬᠤ ᠦᠭᠡᠶ ᠶᠤ᠃ ᠲᠡᠭᠡᠪᠡᠯ ᠵᠢᠪᠡᠷᠡᠬᠦ ᠦᠭᠡᠢ ᠪᠣᠯᠣᠳ ᠴᠣᠮᠣ ᠶᠢᠨ ᠬᠦᠨᠳᠦ ᠲᠡᠮᠦᠷᠯᠢᠭ  ᠪᠠᠷᠢᠮᠵᠢᠶ᠎ᠠ ᠠᠴᠠ  ᠬᠡᠲᠦᠷᠡᠬᠦ  ᠦᠦ︖  ᠵᠢᠪᠡᠷᠡᠬᠦ ᠦᠭᠡᠢ ᠪᠤᠯᠤᠳ ᠴᠣᠮᠣ ᠶᠢ ᠵᠢᠪᠡᠷᠡᠬᠦ ᠠᠴᠠ ᠰᠡᠷᠭᠡᠶᠢᠯᠡᠬᠦ ᠶᠢᠨ ᠲᠤᠯᠠᠲᠠ 10 % ᠠᠴᠠ ᠳᠡᠭᠡᠭᠰᠢᠬᠢ ᠨᠢᠺᠤᠯ᠂ ᠮᠠᠩᠭᠠᠨ᠂ ᠾᠷᠣᠮ‌ᠡᠯᠧᠮᠧᠨ᠋ᠲ ᠢ ᠨᠡᠮᠡᠭᠡᠳ ᠳᠣᠣᠷ᠎ᠠ ᠨᠡᠭᠦᠷᠡᠰᠦᠲᠥ᠋ᠷᠥᠭᠴᠢᠲᠦ  ᠪᠤᠯᠤᠳ ᠢ  ᠪᠤᠢ  ᠪᠤᠯᠭᠠᠳᠠᠭ᠂  ᠭᠡᠪᠡᠴᠦ  ᠡᠳᠡᠭᠡᠷ  ᠡᠯᠧᠮᠧᠨ᠋ᠲ ᠨ᠊ ‍ᠢ‌‍ᠬᠥ᠋ᠮᠦᠨ ᠤ ᠪᠡᠶ᠎ᠡ ᠳᠤ ᠴᠥᠮ ᠬᠤᠣᠷ ᠲᠠᠢ᠃ ᠲᠡᠭᠡᠪᠡᠯ ᠵᠢᠪᠡᠷᠡᠬᠦ ᠦᠭᠡᠢ ᠪᠤᠯᠤᠳ ᠴᠣᠮᠣ ᠨᠢ ᠴᠦ ᠬᠤᠣᠷ ᠲᠠᠢ ᠦᠦ︖  ᠴᠢᠨᠠᠷ ᠰᠠᠶᠢᠲᠠᠢ ᠵᠢᠪᠡᠷᠡᠬᠦ ᠤᠢᠭᠡᠢ ᠪᠤᠯᠤᠤᠠ ᠴᠣᠮᠣ ᠪᠣᠯ ᠴᠥᠮ ᠤᠯᠤᠰ ᠤᠨ ᠲᠣᠭᠲᠠᠭᠠᠯ ᠳᠤ ᠨᠡᠶᠢᠴᠡᠵᠦ ᠪᠠᠶᠢᠨ᠎ᠠ᠂  ᠾᠷᠣᠮ ᠤᠨ ᠰᠢᠯᠵᠢᠬᠦ ᠬᠡᠮᠵᠢᠶ᠎ᠡ ᠨᠢ 04 ᠮᠢᠯᠢᠭᠷᠡᠮ / ᠺᠦᠸᠠᠳ᠋ ᠮᠧᠲᠷ ᠠᠴᠠ ᠬᠡᠲᠦᠷᠡᠬᠦ ᠤᠢᠭᠡᠢ ᠪᠣᠯ ᠤᠷᠳᠦ  ᠬᠤᠭᠤᠴᠠᠭ᠎ᠠ ᠪᠠᠷ  ᠬᠦᠴᠢᠯᠯᠢᠭ ᠣᠷᠴᠢᠨ ᠲᠣᠭᠤᠷᠢᠨ ᠳᠤ ᠪᠠᠶᠢᠯ᠎ᠠ ᠴᠤ ᠭᠡᠰᠡᠨ ᠾᠷᠣᠮ ᠤᠨ ᠢᠶᠣᠨ ᠤ ᠰᠢᠯᠵᠢᠬᠦ ᠬᠡᠮᠵᠢᠶ᠎ᠡ ᠨᠢ ᠪᠠᠷᠢᠮᠵᠢᠶ᠎ᠠ ᠠᠴᠠ ᠬᠡᠲᠦᠷᠡᠬᠦ ᠤᠢᠭᠡᠢ ᠶᠤᠮ᠃ ᠱᠠᠭᠠᠵᠠᠩ ᠴᠣᠮᠣ ᠪᠤᠶᠤ ᠰᠢᠯ ᠴᠣᠮᠣ ᠬᠡᠷᠡᠭᠯᠡᠬᠦ ᠶᠢ ᠰᠠᠨᠠᠭᠠᠴᠢᠯᠠᠨ᠎ᠠ᠂  ᠡᠨᠡ  ᠬᠤᠶᠠᠷ  ᠵᠦᠢᠯ  ᠤᠨ ᠴᠣᠮᠣ ᠦᠨᠳᠦᠰᠦᠨ ᠳᠡᠭᠡᠨ ᠬᠤᠤᠷᠲᠤ ᠪᠣᠳᠠᠰ ᠣᠷᠣᠰᠢᠬᠤ ᠦᠭᠡᠢ᠃
ᠢᠷᠡᠯᠲᠡ᠄ ᠠᠷᠠᠳ ᠤᠨ ᠰᠦᠯᠵᠢᠶ᠎ᠡ