ᠨᠢᠭᠤᠷ ᠭᠤᠶᠣᠯᠠᠬᠤ ᠲᠣᠬᠠᠢ ᠲᠤᠰᠬᠠᠶ ᠮᠡᠷᠭᠡᠵᠢᠯᠲᠡᠨ ᠶᠠᠭᠠᠬᠢᠵᠤ  ᠬᠡᠯᠡᠪᠡ︖
ᠨᠡᠶᠢᠲᠡᠯᠡᠭᠰᠡᠨ ᠴᠠᠭ᠄
2022/6/7
     1᠂ ᠬᠡᠷᠪᠡ ᠲᠠᠨ ᠤ ᠨᠢᠭᠤᠷ ᠴᠢᠨᠢ ᠲᠣᠰᠣᠷᠬᠠᠭ ᠪᠠᠶᠢᠳᠠᠭ ᠪᠣᠯ ᠰᠢᠷ᠎ᠠ ᠦᠰᠦᠨ ᠤ ᠰᠦᠪᠡ ᠲᠣᠮᠣᠷᠠᠵᠤ᠂ ᠨᠢᠭᠤᠷ ᠴᠡᠪᠡᠷᠰᠢᠭᠰᠡᠨ ᠤ ᠳᠠᠷᠠᠭ᠎ᠠ ᠮᠠᠰᠢ ᠲᠦᠷᠭᠡᠨ ᠲᠣᠰᠣ ᠭᠠᠷᠴᠤ᠂ ᠰᠡᠪᠬᠡ ᠭᠠᠷᠬᠤ  ᠪᠣᠯᠤᠨ᠎ᠠ᠃ ᠠᠩᠬᠠᠷᠬᠤ ᠨᠢ᠄ ᠠᠷᠢᠭᠤᠨ ᠴᠡᠪᠡᠷ ᠢ ᠠᠩᠬᠠᠷᠴᠤ᠂ ᠤᠰᠤᠨ ᠲᠣᠰᠣᠨ ᠤ ᠲᠡᠩᠴᠡᠭᠦᠷᠢ ᠶᠢ ᠪᠠᠲᠤᠯᠠᠵᠤ᠂ ᠰᠡᠪᠬᠡ ᠭᠠᠷᠬᠤ ᠶᠢ ᠰᠡᠷᠭᠡᠶᠢᠯᠡᠬᠦ ᠬᠡᠷᠡᠭᠲᠠᠢ᠂ ᠭᠠᠷᠠᠭ ᠪᠦᠷᠢ 1 ᠠᠴᠠ 2 ᠤᠳᠠᠭ᠎ᠠ  ᠨᠢᠭᠤᠷ ᠢᠶᠠᠨ ᠴᠡᠪᠡᠷᠯᠡᠵᠤ᠂ ᠲᠣᠰᠣᠷᠬᠠᠭ ᠢ ᠠᠷᠢᠯᠭᠠᠬᠤ ᠨᠢᠭᠤᠷ ᠤᠨ ᠨᠠᠭᠠᠯᠳᠠ ᠬᠡᠷᠡᠭᠯᠡᠵᠤ ᠪᠤᠯᠤᠨ᠎ᠠ᠂ ᠭᠡᠬᠦ ᠳᠤ ᠶᠡᠭᠡ ᠬᠡᠮᠵᠢᠶᠡᠨ ᠤ ᠰᠢᠮ᠎ᠡ ᠲᠡᠵᠢᠭᠡᠯ ᠠᠭᠤᠯᠣᠭᠳᠠᠵᠤ ᠪᠠᠶᠢᠭ᠎ᠠ ᠨᠢᠭᠤᠷ ᠤᠨ ᠨᠠᠭᠠᠯᠳᠠ ᠶᠢ  ᠬᠡᠷᠡᠭᠯᠡᠬᠦ ᠠᠴᠠ ᠵᠠᠶᠢᠯᠠᠰᠬᠢᠬᠦ ᠬᠡᠷᠡᠭᠲᠡᠶ᠃    2᠂ ᠬᠡᠷᠪᠡ ᠲᠠᠨ ᠤ ᠨᠢᠭᠤᠷ ᠴᠢᠨᠢ ᠬᠠᠭᠤᠷᠠᠢ ᠪᠠᠶᠢᠳᠠᠭ ᠪᠣᠯ᠂ ᠨᠢᠭᠤᠷ ᠢᠶᠠᠨ ᠣᠬᠢᠶᠠᠭᠰᠠᠨ ᠤ ᠳᠠᠷᠠᠭ᠎ᠠ ᠬᠡᠷᠡᠯ ᠬᠢᠯᠪᠠᠭ᠎ᠠ ᠦᠬᠡᠢ᠂ ᠠᠷᠠᠰᠤ ᠠᠮᠠᠷᠬᠠᠨ ᠬᠤᠭᠵᠢᠷᠠᠵᠤ᠂ ᠨᠠᠷᠢᠨ ᠦᠷᠴᠢᠯᠡᠭᠡ ᠭᠠᠷᠴᠤ᠂ ᠤᠯᠠᠷᠢᠯ ᠰᠣᠯᠢᠬᠤ ᠦᠶ᠎ᠡ ᠳᠤ ᠢᠯᠡᠷᠬᠡᠢ ᠪᠠᠶᠢᠳᠠᠭ᠃ ᠠᠩᠬᠠᠷᠬᠤ ᠨᠢ᠄ ᠣᠰᠣᠷᠬᠠᠭ ᠪᠠᠶᠢᠬᠤ ᠪᠠᠷ ᠭᠤᠤᠯ ᠪᠣᠯᠭᠠᠵᠤ᠂ ᠤᠯᠠᠷᠢᠯ ᠰᠣᠯᠢᠬᠤ ᠦᠶᠡᠰ ᠢᠯᠡᠬᠦᠤ ᠠᠩᠬᠠᠷᠬᠤ ᠬᠡᠷᠡᠭᠲᠡᠶ᠃ ᠭᠠᠷᠠᠭ ᠪᠦᠷᠢ 2 ᠠᠴᠠ 3 ᠤᠳᠠᠭ᠎ᠠ s ᠣᠰᠣᠷᠬᠠᠭ ᠨᠢᠭᠤᠷ ᠤᠨ ᠨᠠᠭᠠᠯᠳᠠ ᠬᠡᠷᠡᠭᠯᠡᠵᠤ᠂ ᠨᠢᠭᠤᠷ ᠤᠨ ᠠᠷᠠᠰᠣᠨ ᠤ ᠰᠢᠮ᠎ᠡ ᠲᠡᠵᠢᠬᠡᠯ ᠢ ᠨᠡᠮᠡᠭᠳᠡᠬᠦᠯᠣᠨ᠎ᠡ᠃     3᠂ ᠬᠡᠷᠪᠡ ᠲᠠᠨ ᠤ ᠨᠢᠭᠤᠷ ᠴᠢᠨᠢ ᠲᠣᠰᠣᠷᠬᠠᠭ ᠪᠢᠰᠢ᠂ ᠬᠠᠭᠤᠷᠠᠢ ᠴᠤ ᠪᠢᠰᠢ᠂ ᠬᠠᠷᠰᠢᠮᠠᠲᠠᠭᠠᠢ ᠴᠢᠨᠠᠷᠲᠠᠢ᠂ ᠠᠮᠠᠷᠬᠠᠨ ᠰᠡᠪᠬᠡ ᠭᠠᠷᠬᠤ ᠦᠭᠡᠢ ᠪᠠᠶᠢᠳᠠᠭ ᠪᠣᠯ ᠨᠢᠭᠤᠷ ᠢᠶᠠᠨ ᠣᠰᠣᠷᠬᠠᠭ᠂ ᠰᠢᠮ᠎ᠡ ᠲᠡᠵᠢᠭᠡᠯ ᠲᠠᠢ ᠪᠠᠶᠢᠯᠭᠠᠪᠠᠯ ᠪᠣᠯᠴᠢᠬᠠᠨ᠎ᠠ᠃  ᠭᠠᠷᠠᠭ ᠪᠦᠷᠢ 1 ᠠᠴᠠ 2 ᠤᠳᠠᠭ᠎ᠠ ᠨᠢᠭᠤᠷ ᠤᠨ ᠡᠩ ᠤᠨ ᠨᠢᠭᠤᠷ ᠤᠨ ᠨᠠᠭᠠᠯᠳᠠ ᠶᠢ ᠰᠣᠩᠭᠤᠵᠤ ᠪᠣᠯᠤᠨ᠎ᠠ᠃     4᠂ ᠬᠡᠷᠪᠡ ᠲᠠ ᠬᠤᠯᠢᠮᠠᠭ ᠴᠢᠨᠠᠷ ᠪᠦᠬᠦᠢ ᠠᠷᠠᠰᠤ ᠲᠠᠢ ᠪᠣᠯ᠂ ᠨᠢᠭᠤᠷ ᠢᠶᠠᠨ  ᠣᠬᠢᠶᠠᠭᠰᠠᠨ ᠤ ᠳᠠᠷᠠᠭ᠎ᠠ T ᠬᠡᠰᠡᠭ ᠲᠤ ᠠᠮᠠᠷᠬᠠᠨ ᠲᠣᠰᠣ ᠭᠠᠷᠳᠠᠭ᠂ ᠪᠤᠰᠤᠳ ᠭᠠᠵᠠᠷ ᠲᠤ ᠠᠮᠠᠷᠬᠠᠨ ᠬᠠᠭᠤᠷᠠᠶᠢᠰᠢᠵᠤ ᠬᠤᠭᠵᠢᠷᠠᠳᠠᠭ᠃ ᠠᠩᠬᠠᠷᠬᠤ ᠨᠢ᠄ ᠤᠰᠤᠨ ᠲᠣᠰᠣᠨ ᠤ ᠲᠡᠩᠴᠡᠭᠦᠷᠢ ᠶᠢ ᠲᠣᠬᠢᠷᠠᠭᠤᠯᠤᠨ᠎ᠠ᠂᠂ ᠭᠠᠷᠠᠭ ᠪᠦᠷᠢ 2 ᠠᠴᠠ 3 ᠤᠳᠠᠭ᠎ᠠ ᠤᠰᠤ ᠨᠥᠬᠦᠪᠥᠷᠢᠯᠡᠬᠦ ᠨᠢᠭᠤᠷ ᠤᠨ ᠨᠠᠭᠠᠯᠳᠠ ᠬᠡᠷᠡᠭᠯᠡᠵᠤ᠂ T ᠬᠡᠰᠡᠭ ᠲᠤ ᠴᠡᠪᠡᠷᠰᠢᠬᠦᠯᠬᠦ ᠲᠣᠰᠣ ᠠᠷᠢᠯᠭᠠᠬᠤ ᠨᠢᠭᠤᠷ ᠤᠨ ᠨᠠᠭᠠᠯᠳᠠ ᠬᠡᠷᠡᠭᠯᠡᠪᠡᠯ ᠵᠣᠬᠢᠨ᠎ᠠ᠃      5᠂ ᠲᠠᠨ ᠤ ᠨᠢᠭᠤᠷ ᠴᠢᠨᠢ ᠬᠡᠷᠪᠡ ᠬᠠᠷᠰᠢᠮᠠᠲᠠᠭᠠᠢ ᠴᠢᠨᠠᠷᠲᠠᠢ ᠪᠠᠶᠢᠳᠠᠭ ᠪᠣᠯ ᠠᠮᠠᠷᠬᠠᠨ ᠤᠯᠠᠶᠢᠬᠤ᠂ ᠠᠮᠠᠷᠬᠠᠨ ᠬᠠᠷᠰᠢᠬᠤ ᠪᠣᠯᠤᠨ᠎ᠠ᠃ ᠠᠩᠬᠠᠷᠬᠤ ᠨᠢ ᠄ ᠠᠮᠤᠷ ᠲᠦᠪᠰᠢᠨ᠂ ᠵᠥᠭᠡᠯᠡᠨ ᠦᠢᠯᠡᠳᠬᠦᠨ ᠢ ᠬᠡᠷᠡᠭᠯᠡᠨ᠎ᠡ᠂ ᠭᠠᠷᠠᠭ ᠪᠦᠷᠢ 2 ᠠᠴᠠ 3 ᠤᠳᠠᠭ᠎ᠠ ᠨᠢᠭᠤᠷ ᠤᠨ ᠬᠠᠷᠰᠢᠬᠤ ᠠᠴᠠ ᠰᠡᠷᠬᠡᠶᠢᠯᠡᠬᠦ ᠨᠢᠭᠤᠷ ᠤᠨ ᠨᠠᠭᠠᠯᠳᠠ ᠬᠡᠷᠡᠭᠯᠡᠵᠤ᠂ ᠨᠢᠭᠤᠷ ᠤᠨ ᠣᠰᠣᠷᠬᠠᠭ ᠪᠠᠶᠢᠬᠤ ᠢ ᠪᠠᠲᠤᠯᠠᠬᠤ ᠶᠢ ᠰᠠᠨᠠᠭᠤᠯᠤᠶ᠎ᠠ᠃
ᠢᠷᠡᠯᠲᠡ᠄ ᠠᠷᠠᠳ ᠤᠨ ᠰᠦᠯᠵᠢᠶ᠎ᠡ