ᠤᠷᠠᠳᠴᠤᠳ ᠤᠨ ᠣᠯᠠᠮᠵᠢᠯᠠᠯᠲᠤ ᠬᠤᠪᠴᠠᠰᠤ ᠵᠠᠰᠠᠯ
ᠨᠡᠶᠢᠲᠡᠯᠡᠭᠰᠡᠨ ᠴᠠᠭ᠄
2022/6/29
      ᠤᠷᠠᠳᠴᠤᠳ ᠤᠨ ᠬᠤᠪᠴᠠᠰᠤ ᠵᠠᠰᠠᠯ ᠨᠢ ᠨᠡᠶᠢᠲᠠ ᠮᠣᠩᠭᠤᠯᠴᠤᠳ ᠲᠠᠢ ᠠᠳᠡᠯᠢᠪᠲᠤᠷ ᠪᠠᠶᠢᠳᠠᠭ ᠪᠣᠯᠪᠠᠴᠤ ᠵᠠᠷᠢᠮ ᠲᠠᠯ᠎ᠠ ᠪᠠᠷ  ᠦᠪᠡᠷᠮᠢᠴᠡ ᠣᠷᠣᠨ ᠨᠤᠲᠤᠭ ᠤᠨ ᠤᠨᠴᠠᠯᠢᠭ ᠲᠠᠢ ᠶᠤᠮ᠃      ᠨᠢᠭᠡ᠂ ᠬᠤᠪᠴᠠᠰᠤ ᠵᠠᠰᠠᠯ      ᠲᠡᠷᠯᠢᠭ᠂ ᠳᠡᠪᠡᠯ᠂ ᠵᠣᠪᠴᠠᠬ᠎ᠠ᠂ ᠴᠠᠮᠴᠠ᠂ ᠬᠠᠨᠵᠢᠶᠠᠷ᠂ ᠪᠥᠰᠨ ᠪᠣᠯ ᠤᠷᠠᠳ ᠮᠣᠩᠭᠤᠯᠴᠤᠳ ᠤᠨ ᠭᠤᠣᠯ ᠪᠣᠯᠬᠤ ᠬᠤᠪᠴᠠᠰᠤ ᠵᠠᠰᠠᠯ ᠤᠨ ᠵᠦᠢᠯ ᠪᠣᠯᠣᠨ᠎ᠠ᠂ ᠤᠷᠠᠳ ᠤᠨ ᠬᠤᠪᠴᠠᠰᠤ ᠵᠠᠰᠠᠯ ᠤᠨ ᠥᠩᠭᠡ ᠭᠠᠯᠪᠢᠷ ᠨᠢ ᠬᠤᠷᠴᠠ ᠰᠠᠶᠢᠬᠠᠨ᠂ ᠬᠡᠯᠪᠡᠷᠢ ᠮᠠᠶ᠋ᠢᠭ ᠨᠢ ᠰᠣᠨᠢᠨ ᠰᠡᠪᠡᠬᠦᠨ ᠵᠡᠷᠭᠡ ᠤᠨᠴᠠᠯᠢᠭ ᠲᠠᠢ᠂ ᠲᠡᠷᠯᠢᠭ ᠲᠤ ᠲᠤᠳᠣᠷ ᠲᠠᠢ ᠶᠢ ᠨᠢ ᠲᠡᠷᠯᠢᠭ ᠭᠡᠵᠦ᠂ ᠲᠣᠳᠣᠷ ᠦᠭᠡᠢ ᠶᠢ ᠨᠢ ᠴᠠᠮᠴᠠ ᠭᠡᠳᠡᠭ᠂ ᠡᠨᠡ ᠲᠠᠯ᠎ᠠ ᠪᠠᠷ ᠢᠶᠠᠨ ᠵᠠᠷᠢᠮ ᠮᠣᠩᠭᠤᠯ ᠨᠤᠲᠤᠭ ᠤᠨ ᠬᠢ ᠲᠠᠢ ᠠᠳᠠᠯᠢ ᠪᠤᠰᠤ ᠪᠠᠶᠢᠳᠠᠭ᠂ ᠡᠭᠦᠨ ᠢ ᠪᠤᠳᠠᠲᠤ ᠵᠢᠱᠢᠶ᠎ᠡ ᠪᠠᠷ ᠦᠵᠡᠭᠦᠯᠪᠡᠯ ᠤᠷᠠᠳ ᠠᠷᠠᠳ ᠤᠨ ᠳᠠᠭᠤᠤ ᠳᠤ ︽ᠲᠡᠩ ᠴᠠᠮᠴᠠ ᠲᠠᠭᠠᠨ ᠮᠣᠷᠢ ᠲᠠᠢ ᠲᠠᠭᠠᠷᠠᠭᠰᠠᠨ ᠪᠠᠶᠢᠯ ᠦᠭᠡᠢ᠂ ᠳ᠋ᠠ ᠯᠠᠮᠠ ᠪᠠᠭᠰᠢ ᠶᠢᠨ ᠢᠶᠠᠨ ᠡᠪᠦᠷ ᠲᠤ ᠣᠷᠣᠪᠠᠯ ᠲᠤᠯᠠᠭᠠᠴᠠᠬᠤ ᠪᠠᠶᠢᠯ ᠦᠭᠡᠢ︾ ᠭᠡᠵᠦ ᠪᠠᠶᠢᠳᠠᠭ᠂ ᠠᠳᠡ ᠬᠡᠯᠡᠵᠦ ᠪᠠᠶᠢᠭ᠎ᠠ ᠲᠡᠩ ᠴᠠᠮᠴᠠ ᠭᠡᠳᠡᠭ ᠨᠢ ᠲᠤᠳᠣᠷ ᠦᠭᠡᠢ ᠲᠡᠷᠯᠢᠭ ᠢ ᠵᠢᠭᠠᠵᠠᠢ᠂ ᠬᠠᠷᠢᠨ ᠬᠠᠨᠲᠠᠭᠠᠰᠣ ᠶᠢ ᠬᠡᠯᠡᠭᠰᠡᠨ ᠪᠢᠰᠢ ᠶᠤᠮ᠂ ᠪᠠᠰᠠ ᠨᠢᠭᠡ ᠤᠨᠴᠠᠯᠢᠭ ᠲᠠᠢ ᠵᠦᠢᠯ ᠨᠢ ᠬᠥᠪᠥᠩ ᠲᠠᠯᠪᠢᠭᠰᠠᠨ ᠲᠡᠷᠯᠢᠭ ᠢ ᠤᠷᠠᠳ ᠲᠤ ᠯᠠᠪᠠᠰᠢᠭ ᠭᠡᠳᠡᠭ᠂ ᠬᠠᠷᠢᠨ ᠲᠡᠷᠯᠢᠭ ᠭᠡᠳᠡᠭ ᠦᠭᠡᠢ᠃ ᠡᠭᠦᠨ ᠢ ᠰᠢᠯᠢ ᠶᠢᠨ ᠭᠤᠣᠯ ᠤᠨ ᠬᠢᠨ ᠬᠥᠪᠥᠩ ᠲᠠᠢ ᠲᠡᠷᠯᠢᠭ ᠪᠤᠶᠤ ᠬᠥᠪᠥᠩ ᠲᠡᠷᠯᠢᠭ ᠭᠡᠵᠦ᠂ ᠬᠡᠰᠢᠭᠲᠡᠨ ᠳᠤ ᠫᠠᠩᠬᠤ ᠭᠡᠮᠡᠨ ᠨᠡᠷᠡᠯᠡᠳᠡᠭ ᠪᠠᠶᠢᠨ᠎ᠠ᠃     ᠤᠷᠠᠳ ᠲᠡᠷᠯᠢᠭ᠂ ᠳᠡᠪᠡᠯ ᠳᠤ ᠬᠤᠷᠭᠤᠢ ᠲᠣᠷᠭ᠎ᠠ ᠭᠡᠬᠦ ᠮᠡᠲᠦ ᠴᠢᠨᠠᠷᠯᠢᠭ ᠭᠤᠶᠣᠬᠠᠨ ᠪᠥᠰ ᠪᠠᠷᠠᠭ᠎ᠠ ᠪᠠᠷ ᠡᠮᠵᠢᠶᠡᠷᠢ ᠬᠢᠳᠡᠭ ᠵᠠᠩᠰᠢᠯ ᠲᠠᠢ᠂ ᠡᠮᠵᠢᠶᠡᠷᠢ ᠨᠢ ᠪᠥᠷ ᠭᠤᠷᠪᠠ ᠪᠠᠶᠢᠳᠠᠭ ᠪᠣᠯᠬᠤᠷ ᠭᠤᠷᠪᠠᠨ ᠡᠮᠵᠢᠶᠡᠷᠢ ᠭᠡᠳᠡᠭ ᠪᠠᠶᠢᠨ᠎ᠠ᠃     ᠴᠠᠭᠠᠮᠠᠯ ᠠᠷᠠᠰᠤᠨ ᠳᠡᠪᠡᠯ ᠳᠤ ᠣᠯᠠᠩᠬᠢ ᠳᠠᠭᠠᠨ ᠨᠢᠭᠡ ᠥᠷᠭᠡᠨ ᠨᠢᠭᠡ ᠨᠠᠷᠢᠨ ᠬᠠᠷ᠎ᠠ ᠡᠮᠴᠢᠶᠡᠷᠢ ᠳᠠᠷᠤᠭᠤᠯᠳᠠᠭ᠂ ᠡᠭᠦᠨ ᠢ ᠪᠠᠨ ᠪᠠᠰᠠ ᠥᠩᠭᠡ ᠨᠡᠬᠡᠢ ᠳᠡᠪᠡᠯ ᠭᠡᠳᠡᠭ᠂ ᠤᠷᠠᠳ ᠲᠡᠷᠯᠢᠭ᠂ ᠳᠡᠪᠡᠯ ᠳᠤ ᠵᠠᠷᠢᠮ ᠬᠤᠰᠢᠭᠤᠨ ᠤ  ᠬᠢᠨᠢ ᠣᠨᠣᠭᠤ ᠲᠠᠢ ᠪᠠᠶᠢᠬᠤ ᠳᠤ ᠵᠠᠷᠢᠮ ᠬᠤᠰᠢᠭᠤᠨ ᠤ ᠬᠢᠨᠢ ᠣᠨᠣᠭᠤ ᠦᠭᠡᠢ ᠪᠢᠲᠡᠭᠦᠦ ᠲᠠᠰᠢᠶ᠎ᠠ ᠲᠠᠢ ᠪᠠᠶᠢᠳᠠᠭ᠃ ᠲᠡᠷᠯᠢᠭ᠂ ᠳᠡᠪᠡᠯ ᠤᠨ ᠳᠣᠪᠴᠢ ᠨᠢ ᠣᠯᠠᠩᠬᠢ ᠳᠠᠭᠠᠨ ᠮᠥᠩᠭᠦ ᠪᠠᠷᠢᠵᠤ᠂ ᠬᠠᠶᠠ ᠵᠠᠷᠢᠮ ᠨᠢ ᠭᠠᠣᠯᠢ ᠵᠠᠰ ᠤᠨ ᠬᠢ ᠪᠠᠰᠠ ᠪᠠᠶᠢᠳᠠᠭ᠃     ᠤᠷᠠᠳ ᠮᠣᠩᠭᠤᠯ ᠲᠡᠷᠯᠢᠭ᠂ ᠳᠡᠪᠡᠯ ᠤᠨ ᠡᠷᠡᠭᠲᠡᠢ ᠶᠢᠨ ᠬᠢᠨᠢ ᠶᠡᠷᠦᠲᠡᠬᠡᠨ ᠠᠭᠤᠵᠢᠮ ᠡᠯᠪᠡᠭ᠂ ᠡᠮᠡᠭᠲᠡᠢ ᠶᠢᠨ ᠬᠢᠨᠢ ᠪᠠᠷᠢᠭᠤ ᠴᠢᠬᠤᠯ ᠪᠠᠶᠢᠳᠠᠭ ᠪᠣᠯᠬᠤᠷ ᠬᠥᠮᠥᠰ ᠤᠨ ᠪᠡᠶ᠎ᠡ ᠭᠠᠯᠪᠢᠷ ᠤᠨ ᠭᠤᠸ᠎ᠠ ᠴᠢᠭᠢᠷᠠᠭ ᠢ ᠨᠢᠬᠡ ᠶᠣᠰᠣᠨ᠎ᠠ ᠭᠠᠶᠢᠬᠠᠭᠤᠯᠤᠭᠰᠠᠨ ᠪᠠᠶᠢᠳᠠᠭ᠃     ᠵᠤᠪᠴᠠᠭ᠎ᠠ ᠳᠡᠪᠡᠯ ᠭᠡᠳᠡᠭ ᠪᠣᠯ ᠬᠤᠨᠢ ᠪᠤᠶᠤ ᠪᠤᠰᠤᠳ ᠠᠮᠢᠲᠠᠨ ᠤ ᠠᠷᠠᠰᠣ ᠪᠠᠷ ᠲᠣᠳᠣᠷᠯᠠᠭᠰᠠᠨ ᠳᠡᠪᠡᠯ ᠢ ᠬᠡᠯᠡᠨ᠎ᠡ᠃  ᠵᠤᠪᠴᠠᠭ᠎ᠠ ᠳᠡᠪᠡᠯ ᠢ ᠲᠤᠭ᠎ᠠ ᠪᠤᠶᠤ ᠪᠤᠰᠤᠳ ᠪᠥᠰ ᠪᠠᠷᠠᠭ᠎ᠠ ᠪᠠᠷ ᠥᠩᠭᠡ ᠲᠠᠲᠠᠨ ᠭᠠᠳᠠᠷᠯᠠᠵᠤ ᠪᠥᠷ ᠪᠣᠯᠳᠠᠭ᠃

乌拉特服饰5.jpg

     ᠬᠤᠶᠠᠷ᠂ ᠬᠠᠨᠵᠢᠶᠠᠷ  ︵ᠣᠤᠵᠢ ︶

     ᠬᠠᠨᠵᠢᠶᠠᠷ ᠪᠣᠯ ᠤᠷᠠᠳ ᠮᠣᠩᠭᠤᠯᠴᠤᠳ ᠤᠨ ᠬᠤᠪᠴᠠᠰᠤ ᠵᠠᠰᠠᠯ ᠤᠨ ᠳᠤᠲᠠᠭᠳᠠᠵᠤ ᠪᠣᠯᠣᠰᠢ ᠦᠭᠡᠢ ᠴᠢᠬᠤᠯᠠ ᠪᠥᠷᠢᠯᠳᠦᠭᠦᠨ ᠬᠡᠰᠡᠭ ᠪᠣᠯᠣᠨ᠎ᠠ᠂ ᠤᠷᠠᠳ

 ᠤᠨ ᠬᠠᠨᠵᠢᠶᠠᠷ ᠨᠢ ᠪᠣᠰᠤᠳ ᠬᠤᠰᠢᠭᠤ ᠨᠤᠲᠤᠭ ᠤᠨ ᠬᠢ ᠲᠠᠢ ᠠᠳᠠᠯᠢ ᠪᠠᠷ ᠥᠨᠴᠥᠭ ᠬᠤᠷᠮᠣᠢ ᠳᠠᠭᠠᠨ ᠬᠤᠷᠭᠤᠢ ᠲᠤᠷᠭ᠎ᠠ ᠪᠠᠷ ᠳᠠᠷᠤᠭᠤᠯᠵᠤ ᠣᠷᠣᠭᠰᠠᠨ ᠣᠯᠠᠨ

ᠬᠡᠯᠪᠡᠷᠢ ᠶᠠᠩᠵᠤ ᠶᠢᠨ ᠣᠭᠠᠯᠵᠠ ᠲᠠᠢ ᠪᠠᠶᠢᠳᠠᠭ ᠲᠤᠯᠠ ᠮᠠᠰᠢ ᠭᠤᠶᠣ ᠦᠵᠡᠮᠦᠷᠢ ᠲᠠᠢ ᠪᠠᠶᠢᠳᠠᠭ᠃ ᠬᠠᠨᠵᠢᠶᠠᠷ ᠢ ᠤᠷᠠᠳ ᠮᠣᠩᠭᠤᠯ ᠤᠨ ᠡᠷᠡᠭᠲᠡᠢ ᠡᠮᠡᠭᠲᠡᠢ ᠪᠥᠷ

ᠡᠮᠦᠰᠴᠦ ᠡᠳ᠋ᠯᠡᠳᠡᠭ᠂ ᠭᠡᠪᠡᠴᠦ ᠥᠪᠡᠷᠰᠡᠳ ᠤᠨ ᠢᠶᠠᠨ ᠨᠠᠰᠤ ᠵᠢᠯ᠂ ᠬᠡᠷᠬᠡᠮ ᠵᠡᠷᠭᠡ ᠶᠢᠨ ᠠᠳᠠᠯᠢ ᠪᠤᠰᠤ ᠶᠢ ᠦᠨᠳᠦᠰᠦᠯᠡᠨ ᠠᠳᠠᠯᠢ ᠪᠤᠰᠤ ᠶᠢᠨ ᠥᠩᠭᠡ ᠶᠠᠩᠵᠤ 

 ᠶᠢᠨ ᠬᠢ ᠶᠢ ᠡᠮᠦᠰᠳᠡᠭ ᠪᠢᠯᠡ᠃ ᠶᠡᠷᠦᠲᠡᠬᠡᠨ ᠵᠠᠯᠠᠭᠤ ᠬᠡᠦᠬᠡᠨ᠂ ᠪᠥᠰᠡᠭᠦᠶᠢᠴᠦᠳ ᠬᠤᠷᠴᠠ ᠥᠩᠭᠡ ᠶᠢᠨ ᠬᠢ ᠶᠢ᠂ ᠡᠪᠦᠭᠡᠳ ᠬᠥᠭᠰᠢᠳ ᠨᠢ ᠭᠦᠶᠦᠬᠡᠨ ᠥᠩᠭᠡ 

 ᠶᠢ ᠡᠮᠦᠰᠳᠡᠭ ᠪᠢᠯᠡ᠃

     ᠭᠤᠷᠪᠠ᠂  ᠪᠦᠰᠡ

     ᠪᠦᠰᠡ ᠪᠣᠯ ᠤᠷᠠᠳ ᠮᠣᠩᠭᠤᠯᠴᠤᠳ ᠤᠨ ᠬᠤᠪᠴᠠᠰᠤ ᠵᠠᠰᠠᠯ ᠤᠨ ᠴᠢᠬᠤᠯᠠ ᠬᠡᠰᠡᠭ ᠪᠣᠯᠣᠨ᠎ᠠ᠃ ᠲᠡᠷᠯᠢᠭ ᠳᠡᠪᠡᠯ ᠡᠮᠦᠰᠦᠭᠡᠳ ᠪᠥᠰᠡ ᠪᠥᠰᠡᠯᠡᠬᠦ ᠦᠭᠡᠢ

ᠪᠣᠯ ᠱᠠᠯ ᠦᠵᠡᠮᠦᠷᠢ ᠦᠭᠡᠢ ᠶᠠᠭᠤᠮ᠎ᠠ ᠪᠣᠯᠣᠨ᠎ᠠ᠃ ᠤᠷᠠᠳᠴᠤᠳ ᠡᠷᠡᠭᠲᠡᠢ ᠡᠮᠡᠭᠲᠡᠢ ᠦᠭᠡᠢ ᠪᠥᠰᠡ ᠶᠢ ᠥᠷᠭᠡᠨ ᠪᠥᠰᠡᠯᠡᠳᠡᠭ ᠵᠠᠩᠰᠢᠯ ᠲᠠᠢ᠃ ᠪᠥᠰᠠ ᠶᠢ

ᠥᠷᠭᠡᠨ ᠰᠠᠶᠢᠬᠠᠨ ᠪᠥᠰᠡᠯᠡᠪᠡᠯ ᠮᠠᠰᠢ ᠰᠦᠷ ᠵᠢᠪᠬᠤᠭ᠎ᠠ ᠲᠠᠢ ᠪᠠᠶᠢᠳᠠᠭ᠃ ᠪᠥᠰᠠ ᠨᠢ ᠣᠯᠠᠩᠬᠢ ᠳᠠᠭᠠᠨ ᠶᠠᠭᠠᠨ᠂ ᠨᠣᠭᠤᠭᠠᠨ᠂ ᠰᠢᠷ᠎ᠠ᠂ ᠣᠯᠠᠪᠣᠷ ᠥᠩᠭᠡ ᠶᠢᠨ

ᠪᠠᠶᠢᠳᠠᠭ᠃ ᠣᠳᠣ ᠶᠢᠨ ᠮᠣᠩᠭᠤᠯᠴᠤᠳ ᠤᠨ ᠡᠳ᠋ᠯᠡᠵᠦ ᠬᠡᠷᠡᠭᠯᠡᠵᠦ  ᠪᠠᠶᠢᠭ᠎ᠠ ᠪᠦᠰᠡ ᠨᠢ ᠪᠦᠷ ᠲᠣᠭᠯᠠᠯᠠᠲᠠ ᠳᠤ ᠬᠡᠷᠡᠭᠯᠡᠳᠡᠭ ᠡᠷᠲᠡᠨ ᠤ ᠵᠠᠰᠠᠯᠲᠣ ᠰᠢ

ᠳᠠᠭᠤᠯᠠᠭᠴᠢᠳ ᠤᠨ ᠬᠡᠷᠡᠭᠯᠡᠳᠡᠭ ᠦᠷᠭᠡᠪᠲᠣᠷ ᠳᠠᠯᠠᠢ ᠰᠢᠣᠬᠡᠨ ᠶᠠᠭᠤᠮ᠎ᠠ ᠪᠣᠯᠵᠣ ᠬᠤᠪᠢᠷᠠᠭᠰᠠᠨ ᠨᠢ ᠮᠣᠩᠭᠤᠯ ᠬᠤᠪᠴᠠᠰᠣ ᠵᠠᠰᠠᠯ ᠤᠨ ᠦᠵᠡᠮᠵᠢ ᠭᠠᠯᠪᠢᠷ ᠢ 

ᠬᠤᠪᠢ ᠳᠠᠬᠢᠨ ᠪᠠᠭᠤᠷᠠᠭᠤᠯᠤᠭᠰᠠᠨ ᠪᠠᠶᠢᠨ᠎ᠠ᠂ ᠡᠶᠢᠮᠦ ᠠᠴᠠ ᠣᠯᠠᠮᠵᠢᠯᠠᠯᠲᠤ ᠪᠥᠰᠡ ᠪᠠᠨ ᠪᠥᠰᠡᠯᠡᠬᠦ  ᠶᠢ ᠡᠷᠬᠢᠮᠯᠡᠪᠡᠯ ᠵᠦᠢᠲᠠᠢ᠃

乌拉特服饰4.jpg

     ᠳᠥᠷᠪᠡ᠂  ᠭᠤᠲᠣᠯ

     ᠤᠷᠠᠳ ᠮᠣᠩᠭᠤᠯᠴᠤᠳ ᠤᠨ ᠭᠤᠲᠤᠯ ᠳᠤ ᠪᠣᠯᠢᠭᠠᠷᠢ᠂ ᠬᠥᠮ᠂ ᠬᠢᠯᠢᠩ ᠮᠠᠬᠠᠢ ᠵᠡᠷᠭᠡ ᠬᠡᠳᠦᠨ ᠲᠥᠷᠥᠯ ᠵᠦᠢᠯ ᠪᠤᠢ᠃ ᠪᠣᠯᠢᠭᠠᠷᠢ ᠭᠤᠲᠤᠯ ᠳᠤ ᠳᠦᠷᠡᠢ

ᠵᠣᠯᠤᠭ ᠲᠤᠨᠢ ᠡᠪᠡᠰᠦᠨ ᠭᠡ᠂ ᠡᠭᠦᠯᠡᠨ ᠬᠡ᠂ ᠪᠠᠭᠪᠠᠭ᠋ᠠᠢ᠂ ᠥᠯᠵᠡᠢ ᠵᠠᠩᠬᠢᠶ᠎ᠠ ᠭᠡᠬᠦ ᠮᠡᠲᠦ ᠶᠢᠨ ᠬᠡ ᠤᠭᠠᠯᠵᠠ ᠳᠠᠷᠤᠭᠤᠯᠤᠨ ᠣᠷᠣᠭᠰᠠᠨ ᠪᠠᠶᠢᠳᠠᠭ᠂ ᠮᠠᠬᠠᠢ

ᠭᠤᠲᠤᠯ ᠢ ᠣᠯᠠᠩᠬᠢ ᠳᠠᠭᠠᠨ ᠬᠢᠯᠢᠩ ᠪᠤᠶᠤ ᠬᠦᠴᠢ ᠬᠢᠯᠢᠩ ᠵᠡᠷᠭᠡ ᠪᠥᠰ ᠢᠶᠠᠷ ᠣᠷᠣᠵᠤ᠂ ᠲᠦᠷᠠᠢ ᠵᠣᠯᠤᠭ ᠳᠡᠭᠡᠷ᠎ᠡ ᠨᠢ ᠣᠯᠠᠨ ᠶᠠᠩᠵᠤ ᠶᠢᠨ ᠤᠭᠠᠯᠵᠠ ᠬᠤᠸᠠᠷ ᠢ

ᠤᠷᠠᠯᠠᠨ ᠬᠠᠳᠬᠤᠵᠤ ᠣᠶᠣᠳᠠᠭ᠃ ᠤᠷᠠᠳ ᠲᠤ ᠭᠤᠲᠤᠯ ᠢ ᠤᠯᠠ ᠪᠠᠷ ᠨᠢ ᠬᠠᠷ᠎ᠠ ᠤᠯᠠ ᠲᠠᠢ ᠭᠤᠲᠤᠯ᠂ ᠨᠠᠭᠠᠮᠠᠯ ᠤᠯᠠ ᠲᠠᠢ ᠭᠤᠲᠤᠯ ᠪᠠ ᠢᠰᠡᠭᠡᠢ ᠤᠯᠠ ᠲᠠᠢ

ᠭᠤᠲᠤᠯ ᠭᠡᠮᠡᠨ ᠢᠯᠭᠠᠨ ᠨᠡᠷᠡᠯᠡᠳᠡᠭ ᠪᠠᠶᠢᠨ᠎ᠠ᠃ ᠬᠠᠷ᠎ᠠ ᠤᠯᠠ ᠲᠠᠢ ᠭᠡᠳᠡᠭ ᠨᠢ ᠦᠬᠡᠷ ᠤᠨ ᠠᠷᠠᠰᠤᠨ ᠤᠯᠠ ᠶᠢ ᠵᠢᠭᠠᠵᠤ ᠨᠠᠭᠠᠮᠠᠯ ᠣᠯᠠ ᠭᠡᠳᠡᠭ ᠨᠢ ᠣᠯᠠᠨ ᠵᠦᠢᠯ

 ᠤᠨ ᠪᠥᠰ ᠤᠨ ᠥᠭᠡᠳᠡᠰᠦ ᠶᠢ ᠨᠠᠭᠠᠯᠲᠠ ᠪᠠᠷ ᠨᠠᠭᠠᠯᠳᠤᠭᠤᠯᠤᠨ ᠣᠯᠣᠰᠣᠨ ᠤᠲᠠᠰᠤ ᠪᠠᠷ ᠰᠢᠷᠢᠵᠦ ᠣᠶᠣᠭᠰᠠᠨ ᠢ ᠬᠡᠯᠡᠨ᠎ᠡ᠃ ᠢᠰᠡᠭᠡᠢ ᠤᠯᠠ ᠲᠠᠢ ᠭᠤᠲᠤᠯ ᠪᠣᠯ

ᠬᠥᠭᠰᠢᠨ ᠨᠠᠰᠤᠲᠠᠢ ᠬᠥᠮᠥᠰ ᠤᠨ ᠡᠮᠦᠰᠳᠡᠭ ᠦᠵᠡᠮᠵᠢ ᠭᠠᠯᠪᠢᠷ ᠢᠶᠠᠷ ᠠᠨᠠᠶᠢᠬᠠᠨ ᠵᠤᠵᠠᠭᠠᠨ ᠢᠰᠡᠭᠡᠢ ᠳᠡᠭᠡᠷ᠎ᠡ ᠪᠣᠯᠢᠭᠠᠷᠢ ᠪᠠᠷ ᠥᠩᠭᠡᠯᠡᠭᠰᠡᠨ ᠭᠤᠲᠤᠯ ᠪᠣᠯᠣᠨ᠎ᠠ᠂

ᠤᠷᠠᠳ ᠭᠤᠲᠤᠯ ᠤᠨ ᠪᠠᠰᠠ ᠨᠢᠭᠡᠨ ᠵᠦᠢᠯ ᠪᠣᠯ ᠳᠡᠰᠡᠮ᠎ᠡ ᠪᠣᠯᠣᠨ᠎ᠠ᠃ ᠳᠡᠰᠡᠮ᠎ᠡ ᠨᠢ ᠶᠡᠷᠦᠲᠡᠬᠡᠨ ᠠᠳᠤᠭᠤᠨ ᠤ  ᠰᠠᠭᠠᠷᠢ ︵ᠠᠷᠠᠰᠤ ︶ ᠪᠠᠷ ᠬᠢᠳᠡᠭ᠃ ᠴᠣᠯ

ᠨᠣᠭᠤᠭᠠᠨ ᠪᠤᠶᠤ ᠰᠢᠷᠠᠪᠲᠤᠷ ᠤᠯᠠᠭᠠᠨ᠂ ᠬᠠᠷ᠎ᠠ ᠵᠡᠷᠭᠡ ᠥᠩᠭᠡ ᠶᠢᠨ ᠪᠠᠶᠢᠳᠠᠭ᠃ ᠳᠡᠰᠡᠮ᠎ᠡ ᠶᠢ ᠭᠤᠲᠤᠯ ᠤᠨ ᠬᠠᠮᠠᠷ ᠵᠣᠯᠤᠭ ᠤᠨ ᠬᠡᠰᠡᠭ ᠲᠤ ᠬᠡᠷᠡᠭᠯᠡᠳᠡᠭ᠂

ᠤᠷᠠᠳ ᠭᠤᠲᠤᠯ ᠤᠨ ᠲᠦᠷᠠᠢ ᠶᠢᠨ ᠳᠡᠭᠡᠳᠦ ᠬᠡᠰᠡᠭ ᠲᠤ ᠣᠨᠴᠠ ᠭᠤᠶᠣ ᠤᠭᠠᠯᠵᠠ ᠬᠠᠳᠬᠠᠳ ᠣᠷᠣᠭᠰᠠᠨ ᠪᠠᠶᠢᠳᠠᠭ᠃ ᠡᠭᠦᠨ ᠢ ᠬᠠᠷᠠᠭ᠎ᠠ ᠲᠠᠢ ᠭᠤᠳᠤᠯ ᠭᠡᠳᠡᠭ

ᠶᠤᠮ᠃

      ᠬᠦᠮ ᠭᠤᠲᠤᠯ ᠭᠡᠳᠡᠭ ᠪᠣᠯ ᠨᠡᠯᠢᠶᠡᠳ ᠪᠦᠳᠦᠭᠦᠯᠢᠭ ᠪᠣᠯᠪᠠᠰᠤᠷᠠᠭᠤᠯᠤᠭᠰᠠᠨ  ᠪᠣᠯᠢᠭᠠᠷᠢ ᠮᠡᠲᠦ ᠬᠡ ᠠᠷ ᠦᠭᠡᠢ ᠠᠷᠠᠰᠤᠨ ᠭᠤᠲᠤᠯ ᠪᠣᠯᠣᠨ᠎ᠠ᠂ ᠬᠠᠭᠤᠴᠢᠨ

ᠨᠡᠶᠢᠭᠡᠮ ᠳᠤ ᠡᠭᠡᠯ ᠬᠠᠷᠠᠴᠤ ᠬᠥᠮᠥᠰ ᠬᠥᠮ ᠭᠤᠲᠤᠯ ᠡᠮᠦᠰᠳᠡᠭ ᠭᠡᠨ᠎ᠡ᠃ ᠬᠢᠯᠢᠩ ᠭᠤᠲᠤᠯ ᠢ ᠣᠯᠠᠩᠬᠢ ᠳᠠᠭᠠᠨ ᠪᠠᠶᠠᠨ ᠴᠢᠨᠡᠭᠡᠯᠢᠭ ᠯᠠᠮᠠ ᠬᠤᠸᠠᠷᠠᠭ ᠬᠥᠮᠥᠰ

ᠡᠮᠦᠰᠳᠡᠭ ᠪᠣᠯᠬᠤᠷ ︽ᠬᠢᠯᠢᠩ ᠮᠠᠯᠠᠭᠠᠢ ᠭᠤᠲᠤᠯ ᠲᠠᠢ᠂ ᠬᠡᠯᠡᠬᠦ ᠭᠤᠷᠪᠠᠨ ᠦᠭᠡ ᠲᠠᠢ︾ ᠭᠡᠳᠡᠭ ᠪᠣᠯᠣᠭᠰᠠᠨ ᠠᠵᠤᠭᠤ᠃

乌拉特服饰3.jpg

     ᠲᠠᠪᠤ᠂ ᠲᠣᠯᠣᠭᠠᠢ ᠶᠢᠨ ᠵᠠᠰᠠᠯ  ︵  ᠰᠦᠢᠭᠡ ᠵᠠᠰᠠᠯ︶

     ᠤᠷᠠᠳ ᠨᠤᠲᠤᠭ ᠤᠨ ᠪᠥᠰᠡᠭᠦᠶᠢᠴᠦᠳ ᠥᠪᠡᠷᠰᠡᠳ ᠤᠨ ᠠᠵᠤ ᠠᠮᠢᠳᠤᠷᠠᠯ ᠤᠨ ᠪᠠᠶᠢᠳᠠᠯ ᠢᠶᠠᠷ ᠠᠳᠠᠯᠢ ᠪᠤᠰᠤ ᠴᠢᠨᠠᠷ ᠲᠠᠢ ᠰᠦᠢᠬᠡ ᠵᠠᠰᠠᠯ ᠵᠡᠭᠦᠳᠡᠭ ᠪᠠᠶᠢᠪᠠ

᠃ ᠰᠦᠢᠬᠡ ᠶᠢᠨ ᠭᠤᠣᠯ ᠬᠡᠰᠡᠭ ᠪᠣᠯ ᠮᠥᠩᠭᠦ ᠪᠠ ᠱᠢᠷᠣ᠂ ᠨᠣᠭᠤᠭᠠᠨ ᠣᠭ᠍ᠶᠤ᠂ ᠰᠤᠪᠤᠳ ᠵᠡᠷᠭᠡ  ᠶᠢ ᠬᠡᠷᠡᠭᠯᠡᠵᠦ᠂ ᠡᠭᠡᠯ ᠬᠠᠷᠠᠴᠤ ᠡᠭᠡᠨᠠᠷ ᠤᠨ ᠰᠦᠢᠭᠡ ᠨᠢ 

ᠴᠢᠨᠠᠷ ᠠᠨᠠᠶᠢᠬᠠᠨ ᠤᠯᠠᠭᠠᠨ ᠱᠢᠷᠣ ᠪᠤᠶᠤ  ᠱᠠᠭᠠᠵᠠᠩ ᠱᠢᠷᠣ ︵ᠬᠠᠭᠤᠷᠮᠠᠭ ᠱᠢᠷᠣ ︶ ᠣᠭ᠍ᠶᠤ ᠪᠠᠷ ᠤᠷᠣᠯᠠᠭᠤᠯᠤᠨ ᠬᠡᠷᠡᠭᠯᠡᠳᠡᠭ᠃

乌拉特服饰1.jpg

乌拉特服饰2.jpg

     ᠵᠢᠷᠭᠤᠭ᠎ᠠ᠂ ᠪᠠᠭᠤᠪᠴᠢ ︵ᠪᠠᠭᠤᠤ︶

     ᠪᠠᠭᠤᠪᠴᠢ ᠪᠣᠯ ᠮᠥᠩᠭᠦ᠂ ᠠᠯᠳᠠ᠂ ᠵᠠᠰ᠂ ᠭᠠᠤᠯᠢ᠂ ᠪᠠᠶᠢᠲᠤᠩ ᠭᠡᠬᠦ ᠣᠯᠠᠨ ᠵᠦᠢᠯ ᠪᠠᠶᠢᠳᠠᠭ᠃ ᠶᠡᠷᠦᠲᠡᠬᠡᠨ ᠲᠠᠪᠤᠨ ᠯᠠᠩ ᠤᠨ ᠪᠠᠭᠤᠪᠴᠢ᠂ ᠠᠷᠪᠠᠨ ᠯᠠᠩ

 ᠤᠨ ᠪᠠᠭᠤᠪᠴᠢ ᠭᠡᠵᠦ ᠬᠦᠨᠳᠦ ᠶᠢᠨ ᠬᠡᠮᠵᠢᠶ᠎ᠡ ᠪᠠᠷ ᠢᠯᠭᠠᠳᠠᠭ᠃ ᠴᠢᠯᠥᠭᠡᠯᠡᠭᠳᠡᠬᠦ ᠠᠴᠠ ᠡᠮᠦᠨ᠎ᠡ ᠤᠷᠠᠳ ᠠᠶᠢᠯ ᠤᠨ ᠬᠡᠣᠬᠡᠨᠴᠣᠳ ᠬᠠᠷᠢ ᠬᠠᠳᠠᠮ ᠳᠤ ᠮᠣᠷᠳᠠᠬᠤ

 ᠳᠠᠭᠠᠨ ᠵᠠᠪᠠᠯ ᠰᠦᠢᠭᠡ᠂ ᠪᠠᠭᠤᠪᠴᠢ ᠬᠤᠶᠠᠷ ᠢ ᠪᠥᠷᠢᠯᠳᠦᠭᠦᠯᠬᠦ ᠶᠣᠰᠣᠲᠠᠢ ᠭᠡᠵᠦ ᠦᠵᠡᠳᠡᠭ ᠪᠠᠶᠢᠵᠠᠢ᠃

     ᠳᠣᠯᠤᠭ᠎ᠠ᠂ ᠡᠭᠡᠮᠦᠭ

     ᠡᠬᠡᠮᠦᠭ ᠲᠤ ᠠᠯᠳᠠ᠂ ᠮᠥᠩᠭᠦᠨ ᠡᠬᠡᠮᠦᠭ ᠪᠤᠢ᠂ ᠤᠷᠠᠳ ᠨᠤᠲᠤᠭ ᠤᠨ ᠪᠥᠰᠡᠬᠦᠶᠢᠴᠦᠳ ᠤᠨ ᠡᠬᠡᠮᠦᠭ ᠲᠤ ᠣᠭ᠍ᠶᠤ  ᠱᠢᠷᠣ ᠨᠣᠮᠢᠨ… ᠵᠡᠷᠭᠡ

ᠰᠢᠬᠢᠳᠬᠡᠭᠡᠷᠢ ᠲᠠᠢ  ᠡᠬᠡᠮᠦᠭ ᠠᠷᠪᠢᠨ ᠪᠠᠶᠢᠪᠠ᠃ ᠡᠭᠡᠮᠦᠭ ᠢ ᠬᠡᠦᠬᠡᠨ  ᠪᠦᠰᠡᠬᠦᠢ ᠢᠯᠭᠠᠯ ᠦᠭᠡᠢ ᠪᠥᠷ ᠵᠡᠭᠦᠵᠦ ᠪᠣᠯᠣᠨ᠎ᠠ᠃

ᠶᠡᠷᠦᠩᠬᠡᠶᠢᠯᠡᠪᠡᠯ᠂ ᠤᠷᠠᠳ ᠮᠣᠩᠭᠤᠯᠴᠤᠳ ᠤᠨ ᠬᠤᠪᠴᠠᠰᠤ ᠵᠠᠰᠠᠯ ᠨᠢ ᠨᠡᠶᠢᠲᠡ ᠮᠣᠩᠭᠤᠯᠴᠤᠳ ᠲᠠᠢ ᠠᠳᠠᠯᠢᠪᠲᠤᠷ ᠪᠣᠯᠪᠠᠴᠤ ᠪᠠᠰᠠ ᠥᠷᠥᠭᠡᠯ ᠪᠤᠰᠤᠳ ᠠᠴᠠ

ᠢᠯᠭᠠᠭᠳᠠᠬᠤ ᠭᠠᠵᠠᠷ ᠨᠤᠲᠤᠭ ᠤᠨ ᠥᠪᠡᠷᠮᠢᠴᠡ ᠤᠨᠴᠠᠯᠢᠭ ᠶᠠᠩᠵᠤ ᠪᠠᠨ ᠬᠠᠳᠠᠭᠠᠯᠠᠭᠰᠠᠭᠠᠷ ᠪᠠᠶᠢᠨ᠎ᠠ᠃ ᠭᠡᠪᠡᠴᠦ ᠨᠡᠶᠢᠭᠡᠮ ᠤᠨ ᠬᠥᠭᠵᠢᠯᠲᠡ ᠪᠠ ᠠᠮᠢᠳᠤᠷᠠᠯ ᠤᠨ

ᠨᠥᠬᠦᠴᠡᠯ ᠰᠢᠯᠲᠠᠭᠠᠨ ᠠᠴᠠ ᠪᠣᠯᠵᠤ  ᠣᠷᠠᠳᠴᠣᠳ ᠮᠢᠨᠢ ᠥᠪᠡᠷ ᠤᠨ ᠦᠨᠳᠦᠰᠦᠲᠡᠨ ᠤ ᠪᠠᠨ ᠣᠯᠠᠮᠵᠢᠯᠠᠯᠲᠤ ᠰᠠᠶᠢᠬᠠᠨ ᠬᠤᠪᠴᠠᠰᠤ ᠵᠠᠰᠠᠯ ᠢᠶᠠᠨ ᠡᠯᠡᠵᠦ

ᠬᠡᠷᠡᠭᠯᠡᠬᠦ ᠨᠢ ᠶᠠᠪᠤᠬᠤ ᠲᠤᠲᠤᠮ ᠬᠤᠪᠣᠷᠳᠠᠵᠤ᠂ ᠵᠠᠯᠠᠭᠤ ᠨᠢᠭᠡ ᠦᠶ᠎ᠡ ᠶᠢᠨ ᠬᠥᠮᠥᠰ ᠤᠷᠠᠳ ᠬᠤᠪᠴᠠᠰᠤ ᠵᠠᠰᠠᠯ ᠤᠨ ᠢᠶᠠᠨ ᠨᠡᠷᠡᠶᠢᠲᠦᠯ ᠢ ᠴᠦ ᠮᠡᠳᠡᠬᠦ ᠦᠭᠡᠢ

ᠪᠣᠯᠣᠭᠰᠠᠨ ᠨᠢ ᠬᠠᠷᠠᠮᠰᠠᠯᠲᠠᠢ᠃

                                           ᠠᠢ᠂ ᠰᠤᠤᠭᠠᠮ ᠡᠮᠭᠡᠳᠭᠡᠪᠡ

 

ᠢᠷᠡᠯᠲᠡ᠄ ᠤᠷᠠᠳ ᠠᠷᠠᠳ ᠤᠨ ᠵᠠᠩ ᠦᠢᠯᠡ ︵ᠳᠡᠭᠡᠳᠦ︶