ᠤᠷᠠᠳ ᠮᠣᠩᠭᠤᠯᠴᠤᠳ ᠤᠨ ᠤᠮᠳᠠ ᠬᠤᠭᠤᠯᠠ ︵ᠲᠠᠪᠤ︶
ᠨᠡᠶᠢᠲᠡᠯᠡᠭᠰᠡᠨ ᠴᠠᠭ᠄
2022/6/29
        ᠬᠤᠷᠢ ᠶᠢᠰᠦ᠂ ᠴᠠᠭᠠᠨ ᠢᠳᠡᠭᠡ       ᠴᠠᠭᠠᠨ ᠢᠳᠡᠭᠡ ᠪᠣᠯ ᠮᠣᠷᠢᠳᠠᠨ ᠦᠨᠳᠦᠰᠦᠲᠡᠨ ᠤ ᠮᠠᠬᠠᠪᠤᠳ ᠤᠨ ᠡᠭᠦᠰᠦᠯ ᠬᠦᠷᠦᠩᠬᠡ ᠮᠥᠨ᠃ ᠤᠷᠠᠳ ᠮᠣᠩᠭᠤᠯᠴᠤᠳ ᠤᠨ ᠠᠮᠤ ᠬᠦᠨᠡᠰᠦ ᠶᠢᠨ ᠭᠤᠷᠪᠠᠨ ᠤ ᠨᠢᠭᠡ ᠬᠤᠪᠢ ᠨᠢ ᠮᠢᠬ᠎ᠠ᠂ ᠭᠤᠷᠪᠠᠨ ᠤ ᠨᠢᠭᠡ ᠬᠤᠪᠢ ᠨᠢ ᠴᠠᠭᠠᠨ ᠢᠳᠡᠭᠡ᠂ ᠭᠤᠷᠪᠠᠨ ᠤ ᠨᠢᠭᠡ ᠬᠤᠪᠢ ᠨᠢ ᠰᠠᠶ᠋ᠢ ᠠᠮᠤ ᠬᠦᠨᠡᠰᠦ ᠪᠣᠯᠣᠨ᠎ᠠ᠃       ᠡᠷᠲᠡ ᠦᠶ᠎ᠡ ᠠᠴᠠ ᠠᠪᠤᠭᠠᠳ ᠭᠤᠲᠤᠯ ᠤᠨ ᠤᠯᠠ ᠶᠢᠨ ᠬᠢᠷᠢ ᠲᠠᠷᠢᠶ᠎ᠠ ᠦᠭᠡᠢ ᠮᠣᠩᠭᠤᠯ ᠬᠥᠮᠥᠨ ᠮᠢᠬ᠎ᠠ ᠰᠦ ᠪᠠᠷ ᠭᠤᠣᠯ ᠢᠲᠡᠬᠡᠨ ᠬᠢᠵᠦ᠂ ᠠᠮᠤ ᠪᠤᠳᠠᠭ᠎ᠠ ᠪᠠᠷ ᠨᠥᠬᠦᠪᠦᠷᠢ ᠬᠦᠨᠡᠰᠦ ᠪᠣᠯᠭᠠᠵᠤ ᠪᠠᠶᠢᠵᠠᠢ᠂ ᠡᠶᠢᠮᠦ ᠠᠴᠠ ᠲᠠᠪᠤᠨ ᠬᠤᠰᠢᠭᠤ ᠮᠠᠯ ᠤᠨ ᠰᠦ ᠴᠠᠭ᠎ᠠ ᠶᠢ ᠨᠠᠷᠢᠯᠢᠭ ᠴᠡᠪᠡᠷ ᠤᠷᠠᠯᠢᠭ ᠠᠰᠢᠭᠯᠠᠬᠤ ᠴᠢᠳᠠᠪᠤᠷᠢ ᠢ ᠪᠥᠷᠢᠨ ᠡᠵᠡᠮᠰᠢᠵᠡᠢ᠃  ᠲᠡᠭᠡᠬᠦ ᠳᠡᠭᠡᠨ ᠲᠠᠪᠤᠨ ᠬᠤᠰᠢᠭᠤ ᠮᠠᠯ ᠤᠨ ᠰᠦ ᠶᠢ ︽ᠡᠬᠡ ᠶᠢ ᠨᠢ ᠡᠴᠡᠭᠡᠬᠦ ᠦᠭᠡᠢ᠂ ᠲᠤᠭᠤᠯ ᠢ ᠨᠢ ᠲᠤᠷᠠᠭᠠᠬᠤ ᠦᠭᠡᠢ︾ ᠪᠠᠶᠢᠳᠠᠯ ᠤᠨ ᠳᠣᠣᠷ᠎ᠠ ᠵᠢᠯ ᠤᠨ ᠳᠥᠷᠪᠡᠨ ᠤᠯᠠᠷᠢᠯ ᠳᠤ ᠵᠣᠬᠢᠴᠠᠭᠤᠯᠤᠨ᠂ ᠥᠪᠡᠷ ᠤᠨ ᠢᠳᠡᠰᠢ ᠤᠤᠭᠤᠰᠢ ᠶᠢᠨ ᠢᠶᠠᠨ ᠢᠷᠡᠯᠲᠡ ᠪᠣᠯᠭᠠᠵᠤ ᠪᠠᠶᠢᠵᠠᠢ᠃       ᠰᠦ ᠴᠠᠭ᠎ᠠ ᠪᠣᠯ ᠲᠤᠶᠢᠯ ᠤᠨ ᠴᠡᠪᠡᠷ ᠠᠷᠢᠭᠤᠨ ᠰᠢᠮ᠎ᠡ ᠲᠡᠵᠢᠭᠡᠯ ᠲᠠᠢ ᠢᠳᠡᠭᠡᠨ ᠮᠥᠨ᠂ ᠲᠡᠭᠦᠨ ᠢ ᠢᠳᠡᠭᠰᠡᠨ ᠬᠥᠮᠥᠨ ᠮᠠᠯ ᠴᠥᠮ ᠪᠢᠷᠠᠯᠢᠭ᠂ ᠥᠯᠴᠢᠷ ᠪᠠᠶᠡᠯᠢᠭ᠂ ᠨᠠᠰᠤ ᠣᠷᠳᠤ᠂ ᠴᠢᠭᠢᠷᠠᠭ ᠪᠠᠶᠢᠳᠠᠭ ᠠᠴᠠ ᠮᠣᠩᠭᠤᠯ ᠣᠷᠣᠨ ᠳᠤ ᠡᠯᠳᠡᠪ ᠵᠦᠢᠯ ᠤᠨ ᠬᠠᠯᠳᠠᠪᠤᠷᠢᠲᠤ ᠡᠪᠡᠳᠴᠢᠨ ᠶᠡᠷᠦ ᠪᠠᠶᠢᠳᠠᠭ ᠦᠭᠡᠢ᠃       ᠴᠠᠭᠠᠨ ᠢᠳᠡᠭᠡ ᠪᠠᠷ ᠲᠦᠭᠦᠬᠡᠢ ᠪᠠ ᠪᠣᠯᠣᠭᠰᠠᠨ ᠰᠦ᠂ ᠠᠶᠢᠷᠠᠭ᠂ ᠬᠤᠭᠤᠷᠮᠠᠭ᠂ ᠪᠤᠵᠢ  ︵ᠬᠥᠭᠡᠷᠦᠭᠦᠯᠦᠭᠰᠡᠨ ᠪᠤᠴᠠᠯᠭᠠᠭᠰᠠᠨ ᠰᠦ ᠳᠤ ᠠᠶᠢᠷᠠᠭ ᠬᠢᠵᠦ ᠥᠳᠬᠡᠷᠡᠭᠦᠯᠦᠭᠰᠡᠨ︶᠂ ᠲᠦᠭᠦᠬᠡᠢ ᠪᠠ ᠪᠣᠯᠣᠭᠰᠠᠨ ᠥᠷᠦᠮ᠎ᠡ᠂ ᠴᠠᠭᠠᠨ ᠲᠤᠰᠣ᠂ ᠰᠢᠷ᠎ᠠ ᠲᠣᠰᠣ᠂  ᠠᠭᠠᠷᠣᠣᠯ᠂ ᠬᠤᠷᠤᠳ᠂  ᠰᠢᠭᠦᠷᠮᠡᠭ᠂ ᠠᠭᠠᠷᠴᠠ᠂ ᠵᠥᠭᠡᠬᠡᠢ᠂ ᠰᠢᠷ᠎ᠠ ᠤᠰᠤ᠂ ᠰᠠᠭᠠᠯᠢ ᠶᠢᠨ ᠠᠷᠢᠬᠢ᠂ ᠴᠡᠭᠡ᠂ ᠬᠠᠭᠤᠷᠠᠢ ᠰᠦ ᠵᠡᠷᠭᠡ ᠠᠯᠢ ᠣᠯᠠᠨ ᠢᠳᠡᠭᠡᠨ ᠢ ᠬᠢᠵᠦ᠂ ᠪᠡᠶ᠎ᠡ ᠳᠡᠭᠡᠨ ᠦᠢᠯᠡᠴᠢᠯᠡᠭᠦᠯᠵᠦ ᠪᠠᠶᠢᠪᠠ᠃ ᠡᠨᠡ ᠨᠢ ᠳᠡᠯᠡᠬᠡᠢ ᠶᠢᠨ ᠣᠯᠠᠨ ᠦᠨᠳᠦᠰᠦᠲᠡᠨ ᠤ ᠢᠲᠡᠭᠡᠨ ᠳᠤ  ᠮᠠᠩᠯᠠᠢ ᠪᠣᠯᠣᠭᠰᠠᠨ ᠪᠢᠯᠡ᠃       ᠥᠩᠭᠡᠷᠡᠭᠰᠡᠨ ᠳᠤ ᠬᠡᠦᠬᠡᠳ ᠥᠷᠯᠥᠭᠡ ᠳᠡᠭᠡᠨ ᠠᠶᠠᠭ᠎ᠠ ᠥᠷᠥᠮ᠎ᠡ ᠶᠢᠨ ᠬᠤᠰᠣᠮ ᠢᠳᠡᠵᠦ᠂᠂ ᠦᠳᠡ ᠳᠤ ᠠᠶᠠᠭ᠎ᠠ ᠰᠠᠭᠠᠳᠤᠰ ᠳᠣᠯᠢᠶᠠᠵᠤ᠂ ᠣᠷᠣᠢ ᠨᠢ ᠠᠶᠠᠭ᠎ᠠ ᠬᠤᠭᠤᠷᠮᠠᠭ ᠤᠤᠭᠤᠪᠠᠯ ᠡᠳᠦᠷ ᠤᠨ ᠲᠡᠵᠢᠭᠡᠯ ᠢᠶᠠᠨ ᠠᠪᠬᠤ ᠨᠢ ᠲᠡᠷᠡ᠂ ᠲᠡᠷᠡ ᠦᠶ᠎ᠡ ᠳᠤ ᠠᠷᠪᠠᠨ ᠨᠠᠰᠤ ᠭᠠᠷᠲᠠᠯ᠎ᠠ ᠬᠤᠭᠤᠯᠠ ᠲᠠᠨᠢᠬᠤ ᠦᠭᠡᠢ ᠬᠡᠦᠬᠡᠳ ᠪᠠᠶᠢᠭᠰᠠᠨ ᠭᠡᠳᠡᠭ᠂ ᠡᠶᠢᠮᠦ ᠠᠴᠠ ᠥᠩᠭᠡᠷᠡᠭᠰᠡᠨ ᠤ ᠬᠡᠦᠬᠡᠳ ︽ᠦᠶ᠎ᠡ ᠦᠶ᠎ᠡ ᠨᠢᠭᠡ ᠴᠠᠳᠳᠠᠭ᠂ ᠦᠬᠡᠷ ᠠᠯᠠᠬᠤ ᠳᠤ ᠨᠢᠭᠡ ᠴᠠᠳᠳᠠᠭ᠂ ᠪᠠᠶᠢᠨ ᠪᠠᠶᠢᠨ ᠨᠢᠭᠡ ᠴᠠᠳᠳᠠᠭ᠂ ᠪᠣᠷᠬᠠᠨ ᠳᠠᠬᠢᠬᠤ ᠳᠤ ᠨᠢᠭᠡ ᠴᠠᠳᠳᠠᠭ᠂ ᠭᠠᠵᠠᠷ ᠪᠣᠯᠭᠠᠨ ᠳᠤ ᠴᠠᠳᠳᠠᠭ ᠦᠭᠡᠢ᠂ ᠭᠠᠯ ᠳᠠᠬᠢᠬᠤ ᠳᠤ ᠨᠢᠭᠡ ᠴᠠᠳᠳᠠᠭ︾ ᠭᠡᠵᠦ ᠬᠡᠯᠡᠭᠰᠡᠨ ᠨᠢ ᠲᠤᠬᠠᠢ ᠶᠢᠨ ᠦᠶ᠎ᠡ ᠶᠢᠨ ᠪᠣᠳᠠᠲᠤ ᠪᠠᠶᠢᠳᠠᠯ ᠢ ᠦᠨᠡᠨ ᠢᠶᠠᠷ ᠲᠤᠰᠬᠠᠭᠰᠠᠨ ᠶᠠᠪᠤᠭᠤᠯ ᠦᠭᠡ ᠶᠤᠮ᠃      ᠭᠤᠴᠢ᠂  ᠪᠣᠣᠰᠠ ᠪᠠᠩᠰᠢ      ᠪᠥᠰᠠ ᠪᠠᠩᠰᠢ ᠶᠢ ᠣᠯᠠᠩᠬᠢ ᠳᠠᠭᠠᠨ ︽ᠪᠢᠳᠡᠭᠦᠦ ᠬᠤᠭᠤᠯᠠ︾ ᠭᠡᠳᠡᠭ᠃  ᠪᠣᠣᠰᠠ ᠪᠠᠩᠰᠢ ᠬᠢᠬᠦ  ᠠᠷᠭ᠎ᠠ ᠪᠠᠷᠢᠯ ᠨᠢ ᠦᠨᠳᠦᠰᠦᠨ ᠳᠡᠭᠡᠨ ᠠᠳᠠᠯᠢ᠂ ᠴᠥᠮ ᠮᠠᠯ ᠪᠠ ᠬᠦᠷᠥᠭᠡᠰᠦᠨ ᠤ ᠮᠢᠬ᠎ᠠ ᠶᠢ ᠵᠢᠵᠢᠭᠯᠡᠨ ᠬᠡᠷᠴᠢᠵᠦ ᠪᠥᠭᠡᠷ᠎ᠡ ᠶᠢᠨ ᠥᠭᠡᠬᠦ ᠪᠠᠭ᠎ᠠ ᠬᠢᠵᠦ᠂ ᠰᠣᠩᠭᠢᠨ᠎ᠠ᠂ ᠰᠠᠷᠢᠮᠰᠠᠭ᠂ ᠬᠤᠸᠠᠵᠤᠤ᠂  ᠭᠠ ᠵᠡᠷᠭᠡ ᠶᠢ ᠨᠡᠮᠡᠬᠦ ᠪᠤᠶᠤ  ᠬᠤᠸᠠᠵᠤᠤ᠂ ᠭᠠ ᠦᠭᠡᠢ ᠠᠶᠢᠯ ᠨᠢ ᠠᠭᠠᠷᠤᠯ ᠨᠥᠲᠣᠵᠤ ᠬᠢᠳᠡᠭ᠂ ᠵᠥᠪᠬᠡᠨ ᠪᠤᠭᠤᠬᠤ ᠪᠠ ᠴᠢᠨᠠᠵᠤ ᠵᠢᠩᠨᠡᠬᠦ ᠨᠢ ᠠᠳᠠᠯᠢ ᠦᠭᠡᠢ᠃      ᠥᠩᠭᠡᠷᠡᠭᠰᠡᠨ ᠳᠤ ᠨᠡᠯᠢᠶᠡᠳ ᠪᠠᠶᠠᠨ ᠡᠷᠬᠢᠮ ᠠᠶᠢᠯ ᠯᠠ ᠪᠠᠭ᠋ᠠᠨ ᠪᠣᠣᠰᠠ ᠪᠠᠩᠰᠢ ᠪᠣᠭᠤᠵᠤ ︽ᠰᠢᠨ᠎ᠡ ᠶᠢᠨ ᠬᠡᠶᠢᠴᠢᠳ ᠳᠠᠶᠢᠯᠠᠨ᠎ᠠ︾ ᠭᠡᠵᠦ ᠪᠠᠶᠢᠳᠠᠭ᠃ ᠬᠠᠷᠢᠨ ᠡᠭᠡᠯ ᠵᠢᠷ ᠤᠨ ᠠᠶᠢᠯ ᠪᠢᠳᠡᠭᠦᠨ ᠤ ᠰᠥᠨᠢ ᠯᠡ ᠨᠢᠭᠡ ᠣᠯᠵᠣ ᠠᠮᠰᠠᠳᠠᠭ ᠶᠤᠮ᠃      ᠭᠤᠴᠢᠨ ᠨᠢᠭᠡ᠂ ᠱᠥᠯᠥ ᠬᠤᠨᠳᠣᠣ ︽  ᠹᠧᠨᠲ᠋ᠢᠶᠣᠣᠷ︾       ᠱᠥᠯᠥ ᠬᠤᠨᠳᠣᠣ ︽  ᠹᠧᠨᠲ᠋ᠢᠶᠣᠣᠷ︾ ᠪᠣᠯ ᠶᠣᠰᠣᠲᠠᠢ ᠬᠡᠶᠢᠴᠢᠨ ᠳᠠᠶᠢᠯᠠᠬᠤ ᠬᠤᠭᠤᠯᠠ ᠶᠢᠨ ᠨᠢᠭᠡ ᠮᠥᠨ ᠃ ᠦᠬᠡᠷ ᠬᠤᠨᠢᠨ ᠤ ᠴᠣᠷᠣᠯᠠᠢ ᠪᠠᠷ ᠠᠮᠲᠠᠲᠤ  ᠱᠦᠯᠦ ᠭᠠᠷᠭᠠᠵᠤ ᠪᠠᠭ᠋ᠠᠨ ᠬᠤᠨᠳᠣᠣ ︽  ᠹᠧᠨᠲ᠋ᠢᠶᠣᠣᠷ︾  ᠬᠢᠵᠦ᠂ ᠬᠡᠳᠦᠨ ᠪᠠᠩᠰᠢ ᠬᠥᠪᠥᠭᠦᠯᠦᠭᠡᠳ᠂ ᠵᠣᠴᠢᠳ ᠲᠠᠭᠠᠨ ᠬᠦᠨᠳᠦᠳᠬᠡᠨ ᠪᠠᠷᠢᠳᠠᠭ᠃ ᠡᠭᠦᠨ ᠢ ᠪᠠᠶᠠᠨ ᠴᠢᠳᠠᠯ ᠲᠠᠢ ᠠᠶᠢᠯ ︽ᠰᠢᠨ᠎ᠡ ᠶᠢᠨ ᠬᠤᠭᠤᠯᠠ︾  ᠳᠤ ᠪᠠᠴᠠᠭᠠᠵᠤ᠂ ᠳᠤᠮᠳᠠ ᠵᠡᠷᠭᠡ ᠶᠢᠨ ᠠᠶᠢᠯ ᠨᠢ ᠭᠤᠸᠠᠮᠢᠶᠠᠨ ᠪᠠ  ᠪᠠᠩᠰᠢ ᠴᠢᠨᠠᠵᠤ᠂ ᠳᠣᠣᠷᠠᠳᠤ ᠵᠡᠷᠭᠡ ᠶᠢᠨ ᠠᠶᠢᠯ ᠨᠢ ᠭᠤᠯᠢᠷ ᠲᠠᠢ ᠪᠡᠭᠰᠢ ᠴᠢᠨᠠᠵᠤ᠂ ᠬᠢᠶᠢᠴᠢᠳ ᠲᠡᠭᠡᠨ ᠢᠳᠡᠭᠦᠯᠳᠡᠭ᠃       ᠭᠤᠴᠢᠨ ᠬᠤᠶᠠᠷ᠂ ᠪᠤᠷᠬᠠᠨ ᠤ  ᠬᠡᠰᠢᠭ       ᠯᠠᠮᠠ ᠬᠤᠶᠠᠷᠠᠭ ᠢᠶᠠᠷ ᠡᠳᠦᠷ ᠰᠤᠳᠤᠷ ᠦᠵᠡᠭᠦᠯᠬᠦ ᠪᠤᠶᠤ ᠵᠠᠷᠢᠮ ᠠᠶᠢᠯ ᠨᠢ ᠡᠴᠢᠭᠡ ᠳᠡᠭᠡᠳᠦᠰ ᠤᠨ ᠰᠢᠲᠦᠯᠭᠡ ᠪᠠᠷ ᠵᠢᠯ ᠳᠡᠭᠡᠨ ᠨᠢᠭᠡ ᠤᠳᠠᠭ᠎ᠠ ᠪᠣᠷᠬᠠᠨ ᠳᠠᠬᠢᠬᠤ ᠳᠤ᠂ ᠪᠤᠷᠬᠠᠨ ᠳᠠᠭᠠᠨ ᠬᠤᠨᠢᠨ ᠰᠡᠭᠦᠯ᠂  ᠳᠥᠷᠪᠡᠨ ᠥᠨᠳᠥᠷ᠂ ᠱᠠᠭᠠᠨᠲᠣ ᠮᠡᠲᠦ ᠶᠢ ᠲᠠᠪᠠᠭ᠋ᠠᠯᠠᠨ᠂ ᠪᠣᠷᠬᠠᠨ ᠤ ᠬᠡᠰᠢᠭ ᠬᠤᠷᠢᠶᠠᠬᠤ ᠡᠳᠦᠷ ᠪᠣᠯᠪᠠᠯ᠂ ᠬᠥᠮᠥᠰ ᠵᠦᠢᠯ ᠪᠥᠷᠢ ᠶᠢᠨ ᠮᠢᠬ᠎ᠠ ᠪᠣᠭᠤᠷᠰᠤᠭ ᠠᠴᠠ ᠣᠯᠵᠤ ᠬᠦᠷᠳᠡᠬᠦ ᠲᠤᠯᠠ ᠪᠤᠷᠠᠬᠠᠨ ᠤ ᠬᠡᠰᠢᠭ ᠬᠡᠮᠡᠨ ᠰᠠᠶᠢᠬᠠᠨ ᠢᠳᠡᠭᠡᠨ ᠢ  ᠣᠯᠵᠣ ᠢᠳᠡᠳᠡᠭ ᠠᠵᠠᠢ᠃       ᠭᠤᠴᠢᠨ ᠭᠤᠷᠪᠠ᠂ ᠭᠠᠯ ᠤᠨ ᠬᠡᠰᠢᠭ       ᠵᠢᠯ ᠪᠥᠷᠢ ᠶᠢᠨ ᠪᠢᠯᠢᠭ ᠤᠨ ᠤᠯᠠᠷᠢᠯ ᠤᠨ ᠬᠥᠬᠡᠭᠡ ᠰᠠᠷ᠎ᠠ ᠶᠢᠨ ᠬᠤᠷᠢᠨ ᠭᠤᠷᠪᠠᠨ ᠳᠤ ᠮᠣᠩᠭᠤᠯᠴᠤᠳ ᠤᠨ ᠬᠠᠷᠠᠴᠤ ᠠᠶᠢᠯ ᠭᠠᠯ ᠢᠶᠠᠨ ᠳᠠᠬᠢᠵᠤ᠂ ᠬᠤᠷᠢᠨ ᠳᠥᠷᠪᠡᠨ ᠳᠤ  ᠳᠠᠶᠢᠵᠢ ᠠᠶᠢᠯ ᠭᠠᠯ ᠢᠶᠠᠨ ᠳᠠᠬᠢᠵᠤ᠂ ᠬᠤᠷᠢᠨ ᠲᠡᠪᠦᠨ ᠳᠤ ᠬᠠᠭᠠᠨ ᠨᠣᠶᠠᠨ ᠭᠠᠯ ᠢᠶᠠᠨ ᠳᠠᠬᠢᠳᠠᠭ᠃ ᠭᠠᠯ ᠳᠠᠬᠢᠬᠤ ᠡᠳᠦᠷ ᠲᠤ ᠬᠤᠨᠢᠨ  ᠤ ᠬᠦᠢᠯᠡᠭᠦᠷ ᠲᠠᠢ ᠡᠪᠴᠢᠭᠦᠦ ᠬᠤᠰᠬᠢᠨᠠᠭ᠂ ᠮᠢᠬ᠎ᠠ ᠴᠢᠬᠢᠭᠰᠡᠨ ᠬᠤᠳᠣᠭᠤᠳᠣ ᠮᠡᠲᠦ ᠶᠢ ᠴᠢᠨᠠᠵᠤ᠂ ᠲᠡᠭᠦᠨ ᠤ ᠳᠤᠰᠤᠯᠢᠭ ᠬᠤᠷᠴᠠ ᠱᠦᠯᠦᠨ ᠳᠤ ᠠᠮᠣᠰᠣ ᠬᠢᠳᠡᠭ ᠃ ᠠᠮᠤᠰᠤᠨ ᠳᠤ ᠪᠣᠷᠠᠮ᠂ ᠴᠢᠪᠠᠭ᠎ᠠ᠂ ᠦᠵᠦᠮ᠂  ᠠᠭᠠᠷᠣᠣᠯ᠂ ᠰᠢᠷ᠎ᠠ ᠲᠣᠰᠣ ᠬᠢᠳᠡᠭ ᠪᠣᠯᠬᠤᠷ᠂ ᠠᠮᠲᠠ ᠰᠢᠮᠳᠠ ᠨᠢ ᠵᠦᠢᠷᠯᠡᠬᠦ ᠶᠢᠨ ᠠᠷᠭ᠎ᠠ ᠦᠭᠡᠢ ᠰᠠᠶᠢᠬᠠᠨ ᠪᠠᠶᠢᠳᠠᠭ᠃       ᠭᠤᠴᠢᠨ ᠳᠥᠷᠪᠡ᠂ ᠢᠩᠭᠡᠨ ᠤ ᠬᠡᠰᠢᠭ       ᠴᠠᠭᠠᠨ ᠰᠠᠷ᠎ᠠ ᠶᠢᠨ ᠬᠤᠷᠢᠨ ᠭᠤᠷᠪᠠᠨ ᠳᠤ ᠣᠣᠯ ᠠᠴᠠ ᠢᠩᠭᠡᠨ ᠤ ᠭᠠᠯ ᠲᠠᠬᠢᠳᠠᠭ ᠠᠶᠢᠯ ᠪᠣᠶᠣ ᠲᠡᠮᠡᠭᠡ ᠲᠠᠢ ᠠᠶᠢᠯ ᠤᠳ ᠢᠩᠭᠡᠨ ᠤ ᠭᠠᠯ ᠢ ᠢᠮᠠᠭᠠᠨ  ᠤ ᠡᠪᠴᠢᠬᠦᠦ ᠪᠠᠷ ᠲᠠᠬᠢᠳᠠᠭ᠃ ᠡᠨᠡ ᠡᠳᠦᠷ ᠨᠢ ᠪᠠᠰᠠ ᠭᠠᠯ ᠤᠨ ᠬᠡᠰᠢᠭ ᠰᠢᠭ ᠬᠤᠭᠤᠯᠠ ᠬᠢᠬᠦ ᠪᠣᠶᠣ ᠪᠠᠩᠰᠢ ᠴᠢᠨᠠᠳᠠᠭ᠃       ᠭᠤᠴᠢᠨ ᠲᠠᠪᠤ᠂ ᠪᠣᠭᠤᠷᠰᠤᠭ       ᠤᠷᠠᠳ ᠮᠣᠩᠭᠤᠯᠴᠤᠳ ᠮᠠᠯ ᠤᠨ ᠥᠭᠡᠭᠦᠨ ᠲᠣᠰᠣ᠂ ᠰᠡᠭᠦᠯ ᠤᠨ ᠲᠣᠰᠣ᠂ ᠶᠠᠰᠤᠨ ᠤ ᠲᠣᠰᠤ᠂ ᠰᠢᠷ᠎ᠠ ᠲᠣᠰᠣ᠂ ᠲᠡᠮᠡᠭᠡᠨ ᠲᠣᠰᠣ᠂ ᠬᠠᠷ᠎ᠠ ᠲᠣᠰᠤᠨ  ᠳᠤ ᠦᠷᠭᠦᠯᠵᠢ ᠡᠯᠳᠡᠪ ᠵᠦᠢᠯ ᠤᠨ ᠪᠣᠪᠤ ᠪᠣᠭᠤᠷᠰᠤᠭ ᠬᠢᠳᠡᠭ᠃ ᠡᠭᠦᠨ ᠳᠤ ᠬᠡᠯᠪᠡᠷᠢ ᠵᠦᠢᠯ ᠨᠢ ᠤᠨᠴᠠᠭᠠᠢ ᠣᠯᠠᠨ᠂ ᠨᠡᠷ᠎ᠡ ᠲᠠᠢ ᠬᠡᠯᠪᠡᠷᠢ ᠲᠠᠢ ᠠᠴᠠ ᠨᠢ ᠰᠠᠮᠪᠠᠷ᠎ᠠ ᠪᠣᠣᠪᠤ᠂ ᠰᠠᠮ ᠪᠤᠤᠪᠤ᠂ ᠬᠤᠷᠭᠤᠯ ᠪᠣᠣᠪᠤ᠂ ᠬᠤᠷᠣᠬᠠᠢ ᠪᠣᠪᠤ᠂ ᠵᠠᠯᠪᠠᠭᠠᠨ ᠪᠣᠣᠪᠤ᠂ ᠵᠠᠩᠵᠠ ᠪᠣᠪᠤ᠂ ᠲᠩᠷᠢ ᠪᠣᠣᠪᠤ᠂ ᠵᠠᠪᠰᠠᠷ  ᠪᠣᠣᠪ᠊᠂  ᠪᠠᠳᠮᠠᠷᠠᠭ᠎ᠠ ᠪᠤᠤᠪᠤ᠂ ᠭᠤᠬᠠᠨ ᠪᠣᠪᠤ᠂  ᠰᠦᠯᠵᠢᠮᠠᠯ ᠪᠤᠣᠪᠤ᠂ ᠭᠠᠷᠬᠠᠨ ᠪᠣᠪᠤ᠂ ᠰᠢᠭᠢᠷᠳᠦ  ᠪᠣᠣᠪᠤ᠂ ᠡᠭᠦᠯᠡᠨ  ᠪᠣᠣᠪᠤ᠂ ᠰᠤᠯᠠ  ᠪᠣᠣᠪᠤ ᠂ ᠬᠥᠭᠡᠪᠦᠷ ᠪᠣᠤᠪᠤ᠂ ᠮᠤᠰᠬᠢᠮᠠᠯ  ᠪᠣᠣᠪᠤ ᠂ ᠬᠡᠯᠬᠢᠶ᠎ᠡ ᠪᠣᠣᠪᠤ ᠂ ᠡᠷᠢᠶᠡᠰᠦᠨ ᠪᠣᠪᠤ᠂ ᠰᠣᠯᠣᠩᠭ᠎ᠠ ᠪᠣᠪᠤ ᠵᠡᠷᠭᠡ ᠬᠤᠷᠢᠨ ᠶᠠᠩᠵᠤ ᠶᠢᠨ ᠪᠣᠣᠪᠤ ᠬᠢᠳᠡᠭ᠃ ᠨᠡᠩ ᠭᠠᠶᠢᠬᠠᠮᠰᠢᠭᠲᠠᠢ ᠨᠢ ᠬᠤᠷᠴᠠᠯᠢᠭ ᠬᠠᠨᠳᠠ ᠮᠢᠬᠠᠨ ᠤ ᠱᠦᠯᠦ ᠶᠢ ᠬᠤᠷᠢᠶᠠᠨ ᠲᠠᠯᠪᠢᠵᠤ᠂ ᠭᠤᠯᠢᠷ ᠲᠠᠭᠠᠨ ᠬᠤᠵᠢᠷ ᠬᠢᠬᠦ ᠦᠭᠡᠢ᠂ ᠬᠠᠨᠳᠠ ᠱᠦᠯᠦ ᠪᠠᠷ ᠵᠢᠭᠤᠷᠠᠨ ᠬᠠᠭᠠᠷᠢᠵᠤ ᠭᠠᠷᠭᠠᠭᠰᠠᠨ  ᠪᠣᠣᠪᠤ ᠶᠢᠨ ᠠᠮᠲᠠ ᠨᠢ ᠣᠨᠴᠠ ᠰᠣᠳᠣᠨ ᠪᠠᠶᠢᠳᠠᠭ ᠪᠢᠯᠡ᠃       ᠭᠤᠴᠢᠨ ᠵᠢᠷᠭᠤᠭ᠎ᠠ᠂  ᠣᠭᠤᠷᠠᠭ       ᠤᠭᠤᠷᠠᠭ ᠭᠡᠳᠡᠭ ᠨᠢ ᠶᠠᠮᠠᠷ ᠴᠤ ᠬᠥᠬᠦᠲᠡᠨ ᠠᠮᠢᠲᠠᠨ ᠤ ᠲᠥᠷᠥᠵᠦ ᠬᠥᠩᠭᠡᠵᠢᠭᠡᠳ ᠦᠷ᠎ᠡ ᠲᠥᠯ ᠳᠡᠭᠡᠨ ᠥᠭᠬᠦ ᠬᠠᠮᠤᠭ ᠤᠨ ᠠᠩᠭᠳᠠᠭᠴᠢ ᠰᠦ ᠶᠢ ᠬᠡᠯᠡᠨ᠎ᠡ᠃ ᠤᠭᠤᠷᠠᠭ ᠪᠣᠯ ᠲᠦᠮᠡᠨ ᠢᠲᠡᠭᠡᠨ ᠤ ᠲᠡᠷᠢᠭᠦᠨ᠂  ᠵᠠᠭᠤᠨ ᠤ ᠶᠠᠷᠠ ᠶᠢᠰᠦᠨ ᠬᠤᠪᠢ ᠶᠢᠨ ᠰᠢᠮ᠎ᠡ ᠲᠡᠵᠢᠭᠡᠯᠲᠦ ᠵᠦᠢᠯ᠃ ᠤᠴᠢᠷ ᠨᠢ ᠲᠡᠷᠡ ᠪᠣᠯ ᠠᠮᠢᠲᠠᠨ ᠪᠣᠯᠬᠤ ᠶᠢᠨ ᠠᠩᠬ᠎ᠠ ᠰᠢᠮ᠎ᠡ᠂ ᠠᠩᠬ᠎ᠠ ᠲᠡᠵᠢᠭᠡᠯ ᠃ ᠬᠠᠯᠠᠭᠤᠨ ᠲᠣᠭᠤᠭᠠᠨ ᠳᠤ ᠵᠠᠩᠭᠢᠷᠠᠭᠤᠯᠤᠭᠰᠠᠨ ᠤᠭᠤᠷᠠᠭ ᠠᠴᠠ ᠨᠢᠭᠡ ᠠᠮᠠ ᠣᠯᠵᠣ ᠢᠳᠡᠬᠦ ᠨᠢ ᠬᠥᠮᠥᠰ ᠲᠤ ᠬᠠᠮᠤᠭ ᠤᠨ ᠶᠡᠭᠡ ᠡᠵᠡ ᠵᠠᠪᠰᠢᠶᠠᠨ ᠪᠣᠯᠳᠠᠭ᠃       ᠭᠤᠴᠢᠨ ᠳᠣᠯᠤᠭ᠎ᠠ᠂ ᠲᠡᠳᠡᠰᠢ       ᠲᠡᠳᠡᠰᠢ ᠪᠣᠯ ᠬᠤᠷᠴᠠᠯᠢᠭ ᠰᠢᠨ᠎ᠡ ᠱᠦᠯᠦᠨ ᠳᠤ ᠪᠤᠳᠠᠭ᠎ᠠ  ᠣᠷᠬᠢᠵᠣ᠂ ᠠᠶᠢᠷᠠᠭ ᠲᠤᠰᠬᠠᠭᠰᠠᠨ ᠰᠢᠩᠭᠡᠨ ᠪᠤᠳᠠᠭ᠎ᠠ ᠶᠢ ᠬᠡᠯᠡᠨ᠎ᠡ᠃ ᠮᠣᠩᠭᠤᠯ ᠬᠤᠭᠤᠯᠠ ᠤᠮᠳᠠ ᠬᠡᠳᠦᠢ ᠠᠷᠪᠢᠨ ᠴᠤ ᠠᠮᠲᠠ ᠲᠠᠢ᠂ ᠮᠥᠯᠦ ᠲᠠᠢ ᠪᠠᠷ ᠢᠶᠠᠨ ᠬᠠᠰᠢ ᠯᠠ ᠲᠠᠲᠠᠰᠢ ᠶᠤᠮ ᠃       ᠣᠷᠠᠳᠴᠣᠳ ᠤᠨ ᠤᠮᠳᠠ ᠬᠤᠭᠤᠯᠠ ᠨᠢ ᠬᠡᠲᠦᠶᠢᠪᠡᠷ ᠤᠷᠲᠤ ᠤᠳᠠᠭᠠᠨ ᠣᠨ ᠤ ᠪᠣᠯᠪᠠᠰᠤᠨ ᠲᠡᠦᠬᠡ ᠲᠠᠢ ᠪᠣᠯᠪᠠᠴᠤ᠂ ᠬᠤᠭᠤᠯᠠ ᠤᠮᠳᠠᠭᠠᠨ ᠤ ᠲᠥᠷᠥᠯ ᠵᠦᠢᠯ ᠨᠢ ᠬᠠᠷᠠᠬᠠᠨ ᠴᠥᠭᠡᠨ ᠪᠠᠶᠢᠳᠠᠭ᠂ ᠰᠠᠶ᠋ᠢᠬᠠᠨ ᠪᠣᠯᠲᠠᠯ᠎ᠠ ᠨᠡᠶᠢᠳᠡᠮ ᠪᠠᠵᠠᠭᠠᠵᠤ ᠢᠳᠡᠳᠡᠭ ᠳᠥᠭᠦᠮ ᠲᠦᠲᠡᠭᠡᠨ ᠮᠡᠨᠳᠡᠦ᠂ ᠰᠠᠭᠰᠠᠢ ︽ᠵᠢᠩᠨᠡᠭᠰᠡᠨ ᠲᠤᠲᠤᠷᠭ᠎ᠠ︾᠂ ᠬᠠᠭᠤᠷᠠᠢ ᠬᠤᠭᠤᠯᠠ ᠵᠡᠷᠭᠡ ᠨᠢ ᠴᠣ᠋ ᠭᠤᠴᠢ ᠭᠠᠷᠣᠶᠢᠬᠠᠨ ᠵᠢᠯ ᠤᠨ ᠲᠡᠣᠬᠡ ᠲᠠᠢ ᠶᠣᠮ᠃                                    ᠬᠤᠶᠠᠩ᠂ ᠲᠥᠪᠰᠢᠨ ᠡᠮᠭᠡᠳᠬᠡᠪᠡ 
ᠢᠷᠡᠯᠲᠡ᠄ ᠤᠷᠠᠳ ᠠᠷᠠᠳ ᠤᠨ ᠵᠠᠩ ᠦᠢᠯᠡ