ᠤᠷᠠᠳ ᠮᠣᠩᠭᠤᠯᠴᠤᠳ ᠤᠨ ᠤᠮᠳᠠ ᠬᠤᠭᠤᠯᠠ ︵ᠳᠦᠷᠪᠡ︶
ᠨᠡᠶᠢᠲᠡᠯᠡᠭᠰᠡᠨ ᠴᠠᠭ᠄
2022/6/29
       ᠬᠤᠷᠢ᠂  ᠬᠤᠶᠢᠮᠠᠭ       ᠴᠠᠭᠠᠨ ᠭᠤᠯᠢᠷ ᠢ ᠲᠣᠩ ᠰᠢᠩᠭᠡᠪᠲᠦᠷ ᠵᠢᠭᠤᠷᠠᠵᠤ᠂ ᠳᠣᠲᠣᠷ᠎ᠠ ᠨᠢ ᠬᠥᠮᠡᠯᠢ ᠬᠡᠷᠴᠢᠨ ᠬᠢᠵᠦ᠂ ᠲᠣᠭᠤᠭᠠᠨ ᠳᠠᠭᠠᠨ ᠲᠣᠰᠣ ᠲᠦᠷᠭᠢᠨ ᠬᠠᠭᠠᠷᠢᠪᠠᠯ ᠨᠢᠮᠭᠡᠨ ᠵᠥᠭᠡᠯᠡᠨ᠂ ᠲᠣᠩ ᠠᠮᠲᠠᠯᠢᠭ  ᠪᠣᠣᠪᠤ ᠪᠣᠯᠳᠠᠭ᠂ ᠡᠭᠦᠨ ᠢ  ᠬᠤᠶᠢᠮᠠᠭ ᠭᠡᠨ᠎ᠡ᠃ ᠡᠨᠡ ᠨᠢ ᠭᠤᠣᠯᠳᠠᠭᠤ ᠨᠠᠰᠤᠲᠠᠢ ᠬᠥᠮᠥᠨ ᠢ ᠵᠣᠴᠢᠯᠠᠳᠠᠭ ᠬᠤᠭᠤᠯᠠ ᠪᠣᠯᠣᠨ᠎ᠠ᠂ ᠪᠠᠰᠠ ᠴᠤ  ᠬᠦᠨᠳᠣᠳᠣ ᠬᠤᠭᠤᠯᠠ ᠶᠢᠨ ᠨᠢᠭᠡ ᠪᠢᠯᠡ᠃       ᠬᠤᠷᠢᠨ ᠨᠢᠭᠡ᠂ ᠨᠢᠯᠴᠠᠭᠠᠢ ᠪᠤᠳᠠᠭ᠎ᠠ       ᠥᠩᠭᠡᠷᠡᠭᠰᠡᠨ ᠳᠤ ᠤᠷᠠᠳ ᠨᠤᠲᠤᠭ ᠤᠨ ᠬᠡᠨ ᠰᠠᠭᠰᠠᠢ ᠢ ︵ᠱᠦᠭᠦᠮᠡᠯ ︶ ᠪᠤᠳᠠᠭ᠎ᠠ ᠬᠢᠵᠦ ᠢᠳᠡᠬᠦ ᠶᠢ  ᠮᠡᠳᠡᠬᠦ ᠦᠭᠡᠢ ᠪᠠᠶᠢᠵᠠᠢ᠃ ᠬᠠᠷᠢᠨ ᠲᠠᠷᠭᠤᠨ ᠮᠢᠬ᠎ᠠ ᠪᠠ ᠶᠠᠰᠤ ᠴᠢᠨᠠᠭᠰᠠᠨ ᠱᠥᠯᠥᠨ ᠳᠤ ᠨᠡᠯᠢᠶᠡᠳ ᠲᠦᠭᠦᠬᠡᠢ ᠠᠮᠤ ᠬᠢᠵᠦ ᠴᠢᠨᠠᠭᠠᠳ ᠱᠦᠯᠦ ᠤᠰᠤ ᠦᠭᠡᠢ ᠢᠳᠡᠬᠦ ᠶᠢ ᠨᠢᠯᠴᠠᠭᠠᠢ ᠪᠤᠳᠠᠭ᠎ᠠ ᠭᠡᠵᠦ᠂ ᠱᠦᠯᠦ ᠤᠰᠤ ᠲᠠᠢ ᠶᠢ ᠨᠢ ᠲᠡᠳᠡᠰᠢ ᠢ  ︵ᠰᠢᠵᠦ ︶ ᠭᠡᠳᠡᠭ᠂ ᠡᠨᠡ ᠨᠢ ᠪᠥᠬᠦ ᠤᠷᠠᠳ ᠨᠤᠲᠤᠭ ᠲᠤ ᠨᠠᠶᠢᠳᠠᠮ ᠪᠥᠭᠡᠳ ᠦᠷᠭᠦᠯᠵᠢ ᠢᠳᠡᠳᠡᠭ ᠡᠩ ᠤᠨ ᠰᠣᠯᠠ ᠬᠤᠭᠤᠯᠠ  ᠨᠢ ᠪᠣᠯᠣᠨ᠎ᠠ᠃       ᠬᠤᠷᠢᠨ ᠬᠤᠶᠠᠷ᠂ ᠭᠤᠯᠢᠷ ᠬᠤᠭᠤᠯᠠ       ᠭᠤᠯᠢᠷ ᠢᠶᠠᠨ ᠬᠠᠲᠠᠭᠤ ᠨᠣᠬᠤᠵᠤ ᠳᠡᠯᠭᠡᠭᠡᠳ ᠲᠠᠷᠭᠤᠨ ᠮᠢᠬ᠎ᠠ ᠲᠠᠢ  ᠱᠦᠯᠦᠨ ᠳᠤ ᠬᠡᠷᠴᠢᠬᠦ ᠪᠤᠶᠤ ᠲᠠᠰᠤᠳᠠᠨ ᠬᠢᠵᠦ᠂ ᠪᠣᠯᠣᠭᠰᠠᠨ ᠤ ᠳᠠᠷᠠᠭ᠎ᠠ ᠰᠣᠩᠭᠢᠨ᠎ᠠ ᠪᠤᠶᠤ ᠴᠠᠬ᠎ᠠ ᠬᠢᠵᠦ᠂ ᠬᠠᠭᠠᠰ ᠴᠠᠭ ᠰᠢᠬᠠᠮ ᠪᠠᠭᠤᠯᠭᠠᠨ ᠬᠠᠪᠬᠠᠭᠠᠰᠤᠯᠠᠵᠤ ᠲᠠᠯᠪᠢᠭᠠᠳ ᠢᠳᠡᠳᠡᠭ᠂ ᠡᠨᠡ ᠨᠢ ᠬᠡᠳ᠋ᠲᠦᠶᠢᠪᠡᠷ ᠪᠤᠰᠤᠳ ᠭᠠᠵᠠᠷ ᠤᠨ ᠭᠤᠯᠢᠷ ᠬᠤᠭᠤᠯᠠ ᠰᠢᠭ᠋ ᠱᠦᠯᠦ ᠪᠠ ᠭᠤᠯᠢᠷ ᠨᠢ ᠢᠯᠭᠠᠷᠠᠭᠰᠠᠨ ᠪᠠᠶᠢᠳᠠᠭ ᠪᠢᠰᠢ ᠪᠣᠯᠪᠠᠴᠤ᠂ ᠲᠡᠭᠦᠨ ᠤ ᠬᠠᠨᠳᠠᠰᠢᠭᠰᠠᠨ ᠱᠦᠯᠦ ᠪᠠ ᠡᠯᠳᠡᠪ ᠠᠮᠲᠠ ᠨᠢ ᠭᠤᠯᠢᠷ  ᠲᠠᠭᠠᠨ ᠰᠢᠩᠭᠡᠭᠰᠡᠨ ᠪᠣᠯᠬᠤᠷ ᠴᠢᠷᠠᠢ ᠨᠢ ᠪᠠᠷᠤᠭᠲᠠᠢ ᠴᠤ ᠠᠮᠲᠠ ᠨᠢ ᠭᠤᠶᠣ ᠪᠠᠶᠢᠳᠠᠭ ᠃ ᠡᠨᠡ ᠨᠢ ᠤᠷᠠᠳ ᠨᠤᠲᠤᠭ ᠤᠨ ᠬᠤᠭᠤᠯᠠ ᠪᠤᠳᠠᠭᠠᠨ ᠤ ᠠᠷᠪᠠᠨ ᠤ ᠶᠢᠰᠦᠨ ᠬᠤᠪᠢ ᠶᠢ ᠡᠵᠡᠯᠡᠬᠦ ᠪᠠᠶᠢᠷᠢ ᠲᠠᠢ ᠪᠠᠶᠢᠩᠭᠤ ᠢᠳᠡᠳᠡᠭ ᠬᠤᠭᠤᠯᠠ ᠪᠣᠯᠣᠨ᠎ᠠ᠃       ᠬᠤᠷᠢᠨ ᠭᠤᠷᠪᠠ᠂ ᠬᠤᠯᠢᠮᠠᠭ ᠪᠤᠳᠠᠭ᠎ᠠ       ᠤᠷᠢᠳᠤ ᠳᠠᠭᠠᠨ ᠶᠠᠭᠤᠮ᠎ᠠ ᠬᠤᠪᠣᠷ ᠪᠣᠯᠬᠤᠷ ᠲᠠᠷᠭᠤᠨ ᠮᠢᠬ᠎ᠠ ᠲᠠᠢ  ᠱᠦᠯᠦᠨ ᠳᠤ ᠲᠤᠲᠤᠷᠠᠭ᠎ᠠ᠂ ᠰᠢᠷ᠎ᠠ ᠪᠤᠳᠠᠭ᠎ᠠ᠂ ᠭᠤᠯᠢᠷ ᠵᠡᠷᠭᠡ ᠶᠢ ᠬᠤᠯᠢᠨ ᠬᠢᠵᠦ᠂ ᠨᠢᠯᠴᠠᠭᠠᠢ ᠪᠤᠳᠠᠭ᠎ᠠ ᠴᠢᠨᠠᠳᠠᠭ᠃ ᠡᠭᠦᠨ ᠢᠶᠠᠨ ᠬᠤᠯᠢᠮᠠᠭ ᠪᠤᠳᠠᠭ᠎ᠠ ᠭᠡᠨ᠎ᠡ᠃ ᠡᠨᠡ ᠨᠢ ᠬᠡᠳᠦ ᠬᠡᠳᠦᠨ ᠵᠦᠢᠯ ᠤᠨ ᠠᠮᠲᠠ ᠬᠤᠯᠢᠯᠳᠤᠭᠰᠠᠨ ᠪᠣᠯᠬᠤᠷ ᠠᠮᠲᠠ ᠨᠢ ᠬᠠᠴᠢᠨ ᠰᠠᠶᠢᠬᠠᠨ ᠪᠠᠶᠢᠳᠠᠭ᠃       ᠬᠤᠷᠢᠨ ᠳᠥᠷᠪᠡ᠂ ᠭᠤᠸᠠᠮᠢᠶᠠᠨ       ᠥᠩᠭᠡᠷᠡᠭᠰᠡᠨ ᠳᠤ ᠭᠤᠸᠠᠮᠢᠶᠠᠨ ᠨᠢ ᠤᠷᠠᠳ ᠨᠤᠲᠤᠭ ᠲᠤ ᠬᠤᠪᠣᠷ ᠣᠯᠳᠠᠳᠠᠭ ᠪᠠᠶᠢᠭᠰᠠᠨ ᠠᠴᠠ ᠬᠤᠪᠣᠷ ᠴᠣᠬᠠᠭ ᠬᠤᠭᠤᠯᠠ ᠶᠢᠨ ᠨᠢᠭᠡ ᠪᠣᠯᠣᠨ᠎ᠠ᠃ ᠵᠢᠯ ᠴᠠᠭᠠᠨ ᠰᠠᠷ᠎ᠠ ᠳᠤ ᠡᠷᠬᠢᠮ ᠳᠡᠭᠡᠳᠦ ᠬᠥᠮᠥᠨ ᠪᠤᠶᠤ ᠠᠬᠠᠮᠠᠳ ᠬᠦᠨᠳᠦᠳᠦ ᠵᠣᠴᠢᠨ ᠳᠠᠭᠠᠨ ᠴᠢᠨᠠᠵᠤ ᠢᠳᠡᠭᠦᠯᠦᠨ᠎ᠡ᠃ ᠨᠡᠩ ᠢᠯᠠᠩᠭᠤᠶ᠎ᠠ ᠨᠠᠰᠤᠲᠠᠨ ᠪᠤᠶᠤ ᠬᠡᠦᠬᠡᠳ ᠤᠨ ᠨᠠᠶᠢᠷ ᠲᠤ ︽ᠨᠠᠰᠤ ᠥᠨᠳᠦᠷᠯᠡᠭᠦᠯᠦᠨ᠎ᠡ︾ ᠭᠡᠵᠦ ᠪᠤᠭᠤᠳᠠᠯ ᠲᠠᠢ ᠭᠤᠸᠠᠮᠢᠶᠠᠨ ᠢᠶᠠᠨ ᠬᠤᠭᠤᠯᠬᠤ ᠦᠭᠡᠢ ᠪᠥᠬᠦᠯᠢ ᠤᠷᠲᠤ ᠪᠠᠷ ᠨᠢ ᠲᠣᠭᠤᠭᠠᠨ  ᠳᠠᠭᠠᠨ ᠴᠢᠨᠠᠵᠤ᠂ ᠤᠷᠲᠤ ᠪᠠᠷ ᠨᠢ ᠠᠶᠠᠭᠠᠯᠠᠨ ᠭᠠᠷᠭᠠᠳᠠᠭ ᠶᠤᠮ᠃       ᠬᠤᠷᠢᠨ ᠲᠠᠪᠤ᠂ ᠪᠣᠯᠣᠭᠰᠠᠨ ᠪᠤᠳᠠᠭ᠎ᠠ       ᠪᠣᠯᠣᠭᠰᠠᠨ ᠪᠤᠳᠠᠭ᠎ᠠ ᠶᠢ ᠪᠠᠰᠠ ᠬᠠᠭᠤᠷᠤᠭᠰᠠᠨ ᠪᠤᠳᠠᠭ᠎ᠠ ᠭᠡᠨ᠎ᠡ᠃  ᠣᠷᠳᠣᠰ ᠨᠤᠲᠤᠭ ᠲᠤ ᠠᠮᠤ ᠭᠡᠵᠦ᠂ ᠵᠠᠷᠢᠮ ᠭᠠᠵᠠᠷ ᠪᠠᠰᠠ ᠣᠳᠠ ᠭᠡᠨ᠎ᠡ᠃ ᠤᠷᠠᠳ ᠠᠷᠠᠳ ᠤᠨ ᠠᠪᠤᠨ ᠥᠯ ᠳᠠᠷᠤᠳᠠᠭ ᠪᠠᠯᠠᠨ ᠬᠤᠭᠤᠯᠠ ᠪᠣᠯ ᠳᠠᠷᠤᠢ ᠪᠣᠯᠣᠭᠰᠠᠨ ᠪᠤᠳᠠᠭ᠎ᠠ ᠪᠣᠯᠣᠨ᠎ᠠ᠃ ᠲᠡᠷᠡ ᠬᠦ ᠲᠠᠷᠭᠤᠨ ᠮᠢᠬ᠎ᠠ᠂ ᠬᠠᠲᠠᠭᠰᠠᠨ ᠪᠣᠷᠴᠠ᠂ ᠢᠲᠡᠭᠡᠰᠢᠭ ᠴᠠᠢ ᠲᠠᠢ ᠬᠠᠮᠲᠤ ᠪᠣᠯᠣᠭᠰᠠᠨ ᠪᠤᠳᠠᠭ᠎ᠠ ᠳᠡᠪᠲᠦᠭᠡᠨ ᠢᠳᠡᠪᠡᠯ ᠴᠣᠬᠤᠮ ᠴᠤ ᠨᠢᠭᠡ ᠡᠷᠢᠨ ᠤ ᠠᠮᠲᠠᠲᠤ ᠬᠤᠭᠤᠯᠠ ᠪᠣᠯᠬᠤ ᠶᠤᠮ᠃       ᠪᠣᠯᠣᠭᠰᠠᠨ ᠪᠤᠳᠠᠭ᠎ᠠ ᠪᠣᠯ ᠬᠠᠷ᠎ᠠ ᠪᠤᠳᠠᠭ᠎ᠠ ᠠᠴᠠ ᠢᠷᠡᠯᠲᠡ ᠲᠠᠢ ᠶᠤᠮ᠃ ᠬᠠᠷ᠎ᠠ ᠪᠤᠳᠠᠭ᠎ᠠ ᠨᠢ ᠲᠡᠷᠡ ᠴᠢᠭ ᠢᠶᠠᠷ ᠨᠢ ᠨᠥᠲᠦᠬᠦ ᠪᠤᠶᠤ ᠳᠡᠭᠡᠷᠡᠮᠳᠡᠨ ᠴᠠᠶᠢᠯᠭᠠᠪᠠᠯ ᠰᠢᠷ᠎ᠠ ᠪᠤᠳᠠᠭ᠎ᠠ ᠪᠣᠯᠵᠤ᠂ ᠴᠢᠨᠠᠵᠤ ᠢᠳᠡᠳᠡᠭ ᠲᠦᠭᠦᠬᠡᠢ ᠬᠦᠨᠡᠰᠦ ᠪᠣᠯᠣᠨ᠎ᠠ᠃ ᠬᠡᠷᠪᠡ ᠤᠰᠤᠨ ᠳᠤ ᠴᠢᠨᠠᠵᠤ ᠬᠠᠭᠠᠰ ᠪᠣᠯᠭᠤᠭᠠᠳ ᠳᠠᠬᠢᠨ ᠱᠦᠭᠦᠨ ᠠᠪᠴᠤ ᠨᠠᠩᠭᠢ ᠰᠢᠷᠣᠢ  ︵ᠳᠦᠶᠢᠷᠡᠩ᠂ ᠵᠥᠭᠡᠯᠡᠨ ᠡᠯᠡᠰᠦ ︶ ᠳᠤ ᠬᠢᠵᠦ᠂ ᠬᠠᠭᠤᠷᠠᠢ ᠲᠣᠭᠤᠭᠠᠨ ᠳᠤ ᠬᠠᠭᠤᠷᠴᠤ ᠪᠣᠯᠭᠤᠭᠠᠳ ᠳᠠᠬᠢᠨ ᠤᠭᠤᠷ ᠲᠤ ᠨᠥᠲᠦᠬᠦ ᠪᠤᠶᠤ ᠳᠡᠭᠡᠷᠮ᠎ᠡ ᠳᠤ ᠳᠠᠷᠤᠵᠤ ᠴᠠᠶᠢᠯᠭᠠᠪᠠᠯ ᠳᠠᠷᠤᠢ ᠪᠣᠯᠣᠭᠰᠠᠨ ᠪᠤᠳᠠᠭ᠎ᠠ ᠪᠣᠯᠳᠠᠭ᠂ ᠨᠡᠯᠢᠶᠡᠳ ᠴᠢᠨᠠᠭᠰᠠᠨ ᠨᠢ ᠬᠥᠭᠡᠪᠦᠷ ᠪᠣᠯᠵᠤ᠂  ᠴᠠᠢ ᠳᠤ ᠣᠷᠣᠮᠠᠭᠴᠠ ᠬᠥᠪᠴᠦ ᠪᠠᠶᠢᠳᠠᠭ᠃ ᠡᠭᠦᠨ ᠢ ᠬᠥᠭᠡᠪᠦᠷ ᠠᠮᠤ ᠭᠡᠳᠡᠭ ᠃ ᠳᠤᠲᠠᠭᠤ ᠴᠢᠨᠠᠭᠠᠳ ᠬᠠᠭᠤᠷᠤᠭᠰᠠᠨ ᠨᠢ ᠴᠠᠢ ᠳᠤ ᠣᠷᠣᠪᠠᠯ ᠳᠣᠨᠣᠳᠠᠭ᠃ ᠡᠭᠦᠨ ᠢ ᠨᠢ ᠴᠢᠯᠳᠠᠩ ᠠᠮᠤ ᠭᠡᠨ᠎ᠡ᠃      ᠤᠷᠢᠳᠤ ᠳᠠᠭᠠᠨ ᠤᠷᠠᠳ ᠨᠤᠲᠤᠭ ᠤᠨ ᠮᠠᠯᠴᠢᠳ᠂ ᠠᠷᠠᠯᠵᠢᠶᠡᠴᠢᠨ ᠮᠠᠢᠮᠠᠶᠢᠴᠢᠳ ᠠᠴᠠ ᠰᠠᠭᠤᠯᠠᠭ᠎ᠠ ᠪᠤᠳᠠᠭ᠎ᠠ  ︵ᠭᠤᠴᠢᠨ ᠬᠤᠶᠠᠷ ᠵᠢᠩ ᠪᠠᠶᠢᠳᠠᠭ ︶ ᠶᠢ ᠨᠢᠭᠡ ᠰᠢᠳᠤᠯᠠᠩ ᠠᠳᠤᠭᠤ ᠪᠠᠷ ᠰᠣᠯᠢᠵᠤ ᠠᠪᠤᠭᠠᠳ ᠲᠠᠯᠪᠢᠵᠤ ᠪᠠᠶᠢᠳᠠᠭ᠃ ᠵᠣᠴᠢᠨ ᠢᠷᠡᠪᠡᠯ ᠲᠣᠯᠭ᠎ᠠ ᠲᠣᠭᠤᠭ᠎ᠠ ᠨᠡᠶᠢᠯᠡᠭᠦᠯᠵᠦ ᠴᠠᠢ ᠴᠢᠨᠠᠭᠠᠳ ᠵᠣᠴᠢᠨ ᠳᠠᠭᠠᠨ ᠠᠶᠠᠭᠠᠯᠠᠭᠰᠠᠨ ᠤ ᠳᠠᠷᠠᠭ᠎ᠠ᠂ ᠲᠣᠭᠤᠭᠠᠨ ᠳᠠᠬᠢ ᠦᠯᠡᠳᠡᠭᠰᠡᠨ ᠤᠰᠤᠨ ᠳᠠᠭᠠᠨ ᠬᠤᠶᠠᠷ  ᠠᠶᠠᠭ᠎ᠠ ᠬᠠᠷ᠎ᠠ ᠪᠤᠳᠠᠭ᠎ᠠ ᠪᠠᠨ ᠬᠤᠳᠬᠠᠳ ᠣᠷᠣᠭᠤᠯᠵᠤ᠂ ᠨᠢᠭᠡ ᠪᠤᠴᠠᠯᠭᠠᠨ ᠱᠦᠭᠦᠵᠦ ᠠᠪᠤᠭᠠᠳ ᠬᠠᠭᠤᠷᠠᠢ ᠲᠣᠭᠤᠭᠠᠨ ᠳᠠᠭᠠᠨ ᠬᠢᠵᠦ᠂ ᠬᠤᠳᠬᠤᠭᠤᠷ ᠮᠣᠳᠣ ᠪᠠᠷ ᠬᠤᠳᠬᠤᠭᠠᠳ᠂ ᠥᠨᠥᠬᠢ ᠪᠠᠨ ᠤᠭᠤᠷ ᠲᠠᠭᠠᠨ ᠬᠢᠵᠦ ᠮᠠᠨᠴᠣ ᠪᠠᠷᠢᠨ ᠬᠡᠳᠦᠨᠲᠡ ᠨᠥᠲᠦᠭᠡᠳ᠂  ᠫᠢᠯᠠ ᠳᠤ ᠬᠢᠵᠦ ᠰᠢᠭᠰᠢᠨ᠂ ᠵᠣᠴᠢᠨ ᠤ ᠠᠶᠠᠭ᠎ᠠ ᠲᠠᠢ ᠴᠠᠢ ᠭᠦᠷᠦᠬᠦ ᠵᠠᠪ ᠪᠣᠯᠤᠭ᠎ᠠ ᠦᠭᠡᠢ ᠪᠠᠷ ᠬᠠᠯᠠᠭᠤᠬᠠᠨ ᠪᠣᠯᠣᠭᠰᠠᠨ  ᠪᠤᠳᠠᠭ᠎ᠠ ᠪᠠᠨ ᠲᠠᠯᠪᠢᠵᠤ ᠥᠭᠭᠦᠭᠡᠳ ᠬᠦᠨᠳᠦᠯᠡᠵᠦ ᠠᠮᠵᠢᠳᠠᠭ᠃       ᠤᠷᠠᠳᠴᠤᠳ ᠲᠤ ᠪᠣᠯᠣᠭᠰᠠᠨ ᠪᠤᠳᠠᠭ᠎ᠠ ᠯᠠ ᠪᠠᠶᠢᠪᠠᠯ ᠳᠠᠷᠤᠢ ᠬᠤᠭᠤᠯᠠ ᠪᠠᠶᠢᠬᠤ ᠨᠢ ᠲᠡᠷᠡ ᠭᠡᠵᠦ ᠮᠡᠳᠡ᠃ ᠡᠳᠦᠷᠵᠢᠨ ᠪᠣᠯᠣᠭᠰᠠᠨ ᠪᠤᠳᠠᠭ᠎ᠠ ᠪᠠᠨ ᠥᠷᠥᠮ᠎ᠡ᠂ ᠠᠶᠢᠷᠠᠭ᠂ ᠰᠦ ᠰᠠᠭᠠᠳᠤᠰ  ︵ᠠᠶᠢᠷᠠᠭ ᠢᠰᠦᠭᠰᠡᠨ ᠤ ᠳᠠᠷᠠᠭᠠᠬᠢ ᠳᠡᠭᠡᠷ᠎ᠡ ᠨᠢ ᠰᠠᠭᠤᠭᠰᠠᠨ ᠥᠳᠬᠡᠨ ᠠᠶᠢᠷᠠᠭ ᠢ ᠬᠡᠯᠡᠳᠡᠭ ︶᠂ ᠠᠭᠠᠷᠤᠤᠯ ᠬᠤᠷᠤᠳ ᠂ ᠰᠢᠷ᠎ᠠ ᠲᠣᠰᠣ᠂ ᠴᠠᠭᠠᠨ ᠲᠣᠰᠣ ᠪᠤᠶᠤ ᠬᠠᠲᠠᠭᠰᠠᠨ ᠮᠢᠬ᠎ᠠ᠂ ᠴᠢᠨᠠᠭᠰᠠᠨ ᠮᠢᠬ᠎ᠠ ᠵᠡᠷᠭᠡ ᠲᠠᠢ ᠬᠤᠯᠢᠵᠤ ᠬᠤᠳᠬᠤᠵᠤ ᠢᠳᠡᠳᠡᠭ᠂ ᠢᠩᠭᠢᠬᠦᠯᠡᠷ ᠭᠠᠷᠠᠭ ᠲᠤ ᠭᠤᠷᠪᠠ ᠤᠳᠠᠭ᠎ᠠ ᠬᠤᠭᠤᠯᠠ ᠬᠢᠬᠦ ᠨᠢ ᠴᠦ ᠬᠤᠪᠣᠷ ᠪᠠᠶᠢᠵᠠᠢ᠃ ᠥᠩᠭᠡᠷᠡᠭᠰᠡᠨ ᠳᠤ ᠤᠷᠠᠳ ᠨᠤᠲᠤᠭ ᠤᠨ ᠮᠠᠯᠴᠢᠳ ᠰᠠᠷ᠎ᠠ ᠳᠤ ᠠᠷᠪᠠᠨ ᠵᠢᠩ ᠬᠦᠨᠡᠰᠦ ᠢᠳᠡᠳᠡᠭ ᠦᠭᠡᠢ ᠭᠡᠳᠡᠭ ᠨᠢ ᠳᠠᠷᠤᠢ ᠪᠣᠯᠣᠭᠰᠠᠨ ᠪᠤᠳᠠᠭ᠎ᠠ ᠪᠠᠷ ᠬᠤᠯᠢᠰᠢ ᠪᠣᠯᠭᠠᠭᠰᠠᠨ ᠴᠠᠢ ᠭᠤᠣᠯᠴᠠᠭᠤ ᠤᠤᠭᠤᠳᠠᠭ ᠠᠴᠠ ᠪᠣᠯᠣᠭᠰᠠᠨ ᠶᠤᠮ᠃       ᠬᠤᠷᠢᠨ ᠵᠢᠷᠭᠤᠭ᠎ᠠ᠂ ᠠᠮᠤ ᠶᠢᠨ ᠰᠥᠮᠥᠰᠥ       ᠠᠮᠤ ᠪᠠᠷ ᠰᠥᠮᠥᠰᠥ ᠬᠢᠵᠦ ᠤᠤᠭᠤᠪᠠᠯ ᠪᠠᠰᠠ ᠱᠣᠮᠲᠠᠢ ᠰᠠᠶᠢᠬᠠᠨ ᠪᠠᠶᠢᠳᠠᠭ᠂ ᠲᠣᠷᠤᠭ ᠮᠢᠬᠠᠨ ᠤ ᠱᠦᠯᠦᠨ ᠳᠤ ᠬᠡᠳᠦᠨ ᠠᠮᠤ ᠥᠩᠭᠦᠷᠢᠭᠦᠯᠵᠦ ᠤᠤᠭᠤᠬᠤ ᠨᠢ ᠵᠢᠭᠲᠡᠢ ᠭᠤᠶᠣ᠃ ᠭᠡᠲᠡᠯ᠎ᠡ ᠠᠮᠤ ᠬᠤᠪᠣᠷ ᠲᠤᠯᠠ ᠣᠯᠠᠩᠬᠢ ᠳᠠᠭᠠᠨ ᠬᠥᠩᠭᠡᠵᠢᠭᠰᠡᠨ ᠪᠥᠰᠡᠭᠦᠢ ᠪᠤᠶᠤ ᠬᠦᠨᠳᠦ ᠡᠪᠡᠳᠴᠢᠯᠡᠭᠰᠡᠨ ᠨᠠᠰᠤᠲᠠᠢ ᠬᠥᠮᠥᠰ  ᠲᠤ ᠰᠠᠶ᠋ᠢ ᠠᠮᠤ ᠶᠢᠨ ᠰᠥᠮᠥᠰᠥ ᠬᠢᠳᠡᠭ᠂ ᠡᠨᠡ ᠨᠢ ᠮᠥᠨ ᠴᠦ ᠬᠤᠪᠣᠷ ᠴᠤᠬᠠᠭ ᠬᠤᠭᠤᠯᠠ ᠶᠢᠨ ᠨᠢᠭᠡ ᠪᠣᠯᠣᠨ᠎ᠠ᠃ ᠠᠮᠤ ᠨᠢ ᠪᠠᠰᠠ ᠰᠦ ᠲᠠᠲᠠᠷᠠᠭᠰᠠᠨ ᠬᠥᠮᠥᠨ ᠮᠠᠯ ᠳᠤ ᠰᠠᠶᠢᠨ ᠪᠥᠭᠡᠳ ᠬᠠᠷᠠᠩᠭᠤᠰᠤᠭᠰᠠᠨ ᠮᠠᠯ ᠳᠤ ᠥᠭᠪᠡᠯ ᠦᠬᠦᠯ ᠠᠴᠠ ᠠᠪᠤᠷᠠᠬᠤ  ᠷᠢᠳᠢ ᠲᠠᠢ ᠶᠤᠮ᠃       ᠬᠤᠷᠢᠨ ᠳᠣᠯᠤᠭ᠎ᠠ᠂ ᠪᠠᠳᠠᠩ       ᠪᠠᠳᠠᠩ ᠢ ᠭᠤᠯᠢᠷ ᠢᠶᠠᠷ ᠬᠢᠳᠡᠭ᠂ ᠭᠤᠯᠢᠷ ᠢ ᠬᠦᠢᠲᠡᠨ ᠤᠰᠤ ᠪᠠᠷ ᠠᠶᠠᠲᠠᠶᠢᠬᠠᠨ ᠪᠠᠭᠰᠢᠷᠠᠨ᠂ ᠨᠢᠭᠡᠨ ᠭᠡᠮ ᠪᠣᠯᠭᠠᠭᠠᠳ ᠪᠣᠷᠣ ᠮᠢᠬᠠᠨ ᠱᠦᠯᠦᠨ ᠳᠤ ᠰᠢᠩᠭᠡᠭᠡᠨ ᠴᠢᠨᠠᠪᠠᠯ᠂ ᠨᠠᠰᠤᠲᠠᠢ ᠪᠠᠭᠤᠷᠠᠢ ᠵᠡᠮᠳᠡᠭ ᠪᠤᠶᠤ ᠡᠪᠡᠳᠴᠢᠨ ᠲᠠᠢ ᠬᠥᠮᠥᠨ ᠤ ᠲᠠᠮᠢᠷ ᠲᠡᠵᠢᠭᠡᠨ ᠨᠥᠬᠦᠪᠦᠷᠢᠯᠡᠬᠦ ᠳᠤ ᠰᠠᠶᠢᠨ ᠪᠠᠶᠢᠳᠠᠭ᠃ ᠡᠶᠢᠮᠦ ᠠᠴᠠ ᠡᠨᠡ ᠨᠢ ᠰᠠᠷ᠎ᠠ ᠶᠢᠨ ᠪᠥᠰᠡᠭᠦᠢ᠂ ᠰᠠᠶᠢᠨ ᠬᠤᠭᠤᠯᠠ ᠳᠤ ᠣᠷᠣᠭᠠᠳᠤᠢ ᠨᠢᠯᠬᠠᠰ᠂ ᠡᠪᠡᠳᠴᠢᠲᠡᠨ᠂ ᠰᠢᠳᠦ ᠦᠭᠡᠢ ᠨᠠᠰᠤᠲᠠᠶᠢᠴᠤᠤᠯ ᠪᠠ ᠠᠷᠢᠬᠢᠨ ᠳᠤ ᠰᠢᠷᠠᠲᠠᠭᠰᠠᠨ ᠬᠥᠮᠥᠰ ᠲᠤ ᠬᠢᠳᠡᠭ ᠰᠤᠯᠠ ᠬᠤᠭᠤᠯᠠ ᠶᠤᠮ᠃       ᠬᠤᠷᠢᠨ ᠨᠠᠢᠮᠠ᠂ ᠵᠣᠳᠠᠩ       ᠵᠤᠳᠠᠩ ᠢ ᠮᠥᠨ ᠡᠩ ᠤᠨ ᠭᠤᠯᠢᠷ ᠪᠤᠶᠤ ᠪᠤᠷᠴᠠᠭ ᠤᠨ ᠭᠤᠯᠢᠷ ᠢᠶᠠᠷ ᠬᠢᠳᠡᠭ ᠃  ᠪᠠᠳᠠᠩ ᠲᠠᠢ ᠬᠠᠷᠢᠴᠠᠭᠤᠯᠪᠠᠯ ᠵᠤᠳᠠᠩ ᠬᠢᠬᠦ ᠳᠤ ᠰᠢᠩᠭᠡᠨ ᠮᠢᠬ᠎ᠠ  ᠱᠦᠯᠦ ᠬᠢᠳᠡᠭ ᠦᠭᠡᠢ᠂ ᠭᠤᠣᠯᠳᠠᠭᠤ ᠰᠦ ᠴᠠᠭ᠎ᠠ ᠪᠠ ᠲᠣᠰᠣ ᠰᠡᠮᠦᠷᠴᠦ ᠬᠢᠳᠡᠭ᠃ ᠡᠭᠦᠨ ᠢ ᠭᠤᠣᠯᠳᠠᠭᠤ ᠰᠦ ᠦᠭᠡᠢ ᠬᠡᠦᠬᠡᠳ ᠪᠣᠶᠣ ᠨᠠᠷᠢ ᠪᠠᠳᠠᠬᠢ ᠣᠷᠣᠭᠰᠠᠨ ᠬᠥᠮᠥᠨ ᠳᠤ ᠥᠭᠳᠡᠭ ᠬᠤᠭᠤᠯᠠ ᠲᠤᠯᠠ ᠳᠡᠮᠡᠢ ᠢᠳᠡᠵᠦ ᠳᠡᠶᠢᠯᠬᠦ ᠦᠭᠡᠢ᠃ ᠡᠨᠡ ᠨᠢ ᠡᠩ ᠤᠨ ᠪᠠᠶᠢᠳᠠᠯ ᠳᠤ ᠢᠳᠡᠬᠦ ᠬᠤᠭᠤᠯᠠ ᠪᠢᠰᠢ᠂ ᠢᠩᠭᠢᠬᠦᠯᠡᠷ ︽ᠪᠠᠯᠠᠷᠠᠬᠤ ᠳᠤ ᠪᠠᠳᠠᠩ᠂ ᠵᠤᠳᠠᠷᠠᠬᠤ ᠳᠤ ᠵᠣᠳᠠᠩ︾ ᠭᠡᠳᠡᠭ ᠦᠭᠡ ᠪᠤᠢ᠃                                         ᠬᠤᠶᠠᠩ᠂ ᠲᠥᠪᠰᠢᠨ ᠡᠮᠭᠡᠳᠬᠡᠪᠡ
ᠢᠷᠡᠯᠲᠡ᠄ ᠤᠷᠠᠳ ᠠᠷᠠᠳ ᠤᠨ ᠵᠠᠩ ᠦᠢᠯᠡ