ᠨᠢᠯᠬ᠎ᠠ ᠳᠣᠷᠣᠢ ᠶᠢᠨ ᠠᠷᠠᠴᠢᠯᠠᠭ᠎ᠠ ᠲᠡᠵᠢᠭᠡᠯᠭᠡ
ᠨᠡᠶᠢᠲᠡᠯᠡᠭᠰᠡᠨ ᠴᠠᠭ᠄
2022/6/27
      ︵ 1 ︶ ᠳᠣᠷᠤᠢ ᠭᠠᠷᠬᠤ ᠦᠶ᠎ᠡ ᠳᠠᠬᠢ ᠲᠡᠵᠢᠭᠡᠯᠭᠡ ᠠᠷᠠᠴᠢᠯᠠᠭ᠎ᠠ᠄ ᠡᠨᠡ ᠬᠤᠭᠤᠴᠠᠭᠠᠨ ᠳᠠᠬᠢ ᠭᠤᠣᠯ ᠡᠭᠦᠷᠭᠡ ᠪᠣᠯ ᠨᠢᠯᠬ᠎ᠠ ᠳᠣᠷᠤᠢ ᠶᠢ ᠠᠮᠤᠷ ᠲᠦᠪᠰᠢᠨ ᠭᠠᠷᠭᠠᠨ ᠠᠪᠴᠤ᠂ ᠰᠠᠶ᠋ᠢ ᠭᠠᠷᠤᠭᠰᠠᠨ ᠲᠣᠷᠤᠢ ᠶᠢᠨ ᠠᠮᠢᠰᠬᠤᠯ ᠬᠠᠭᠠᠭᠳᠠᠬᠤ᠂  ᠬᠦᠯᠳᠡᠵᠦ ᠦᠬᠦᠬᠦ ᠶᠢ ᠰᠡᠷᠭᠡᠶᠢᠯᠡᠵᠦ᠂ ᠲᠣᠷᠤᠢ ᠭᠠᠷᠤᠭᠰᠠᠨ ᠤ ᠳᠠᠷᠠᠭᠠᠬᠢ ᠵᠠᠷᠢᠮ ᠬᠢᠵᠢᠭ ᠢ ᠰᠡᠷᠭᠡᠶᠢᠯᠡᠵᠤ ᠰᠢᠢᠳᠪᠦᠷᠢᠯᠡᠬᠦ ᠠᠵᠢᠯ ᠢ ᠰᠠᠶᠢᠲᠤᠷ ᠬᠢᠨ᠎ᠡ᠃     ︵2 ︶ ᠲᠣᠷᠤᠢ ᠭᠠᠷᠤᠭᠰᠠᠨ ᠤ ᠳᠠᠷᠠᠭᠠᠬᠢ 7 ᠬᠤᠨᠤᠭ ᠤᠨ ᠳᠣᠲᠤᠷᠠᠬᠢ ᠲᠡᠵᠢᠭᠡᠯᠭᠡ ᠠᠷᠠᠴᠢᠯᠠᠭ᠎ᠠ᠄ ᠢᠯᠠᠩᠭᠤᠶ᠎ᠠ ᠲᠣᠷᠤᠢ ᠭᠠᠷᠤᠭᠰᠠᠨ ᠤ ᠳᠠᠷᠠᠭᠠᠬᠢ 3 ᠬᠤᠨᠤᠭ ᠤᠨ ᠳᠣᠲᠤᠷᠠᠬᠢ ᠲᠡᠵᠢᠭᠡᠯᠭᠡ ᠠᠷᠠᠴᠢᠯᠠᠭ᠎ᠠ ᠶᠢ ᠴᠢᠩᠭᠠᠳᠬᠠᠬᠤ ᠬᠡᠷᠡᠭᠲᠡᠢ᠃ ᠡᠨᠡ ᠬᠤᠭᠤᠴᠠᠭᠠᠨ ᠳᠤ ᠭᠤᠣᠯᠳᠠᠭᠤ  ᠬᠦᠬᠦᠨ ᠲᠣᠪᠴᠢ ᠶᠢ ᠨᠢ ᠲᠣᠭᠲᠠᠭᠠᠵᠤ ᠂ ᠮᠡᠭᠡᠵᠢ ᠲᠣᠷᠣᠢ ᠶᠢ ᠳᠠᠷᠤᠬᠤ ᠪᠠ ᠭᠢᠰᠭᠢᠵᠤ ᠠᠯᠠᠬᠤ ᠠᠴᠠ ᠰᠡᠷᠭᠡᠶᠢᠯᠡᠵᠦ᠂ ᠲᠣᠷᠤᠢ ᠶᠢᠨ ᠴᠢᠴᠠᠭ᠎ᠠ ᠠᠯᠳᠠᠬᠤ ᠡᠰᠡᠬᠦ ᠶᠢ ᠨᠢ ᠰᠠᠶᠢᠲᠤᠷ  ᠠᠵᠢᠭᠯᠠᠨ ᠠᠩᠬᠠᠷᠤᠨ᠎ᠠ᠃     ︵3︶ ᠲᠣᠷᠤᠢ ᠭᠠᠷᠤᠭᠰᠠᠨ ᠠᠴᠠ ᠬᠤᠶᠢᠨᠠᠬᠢ 20 ᠬᠤᠨᠤᠭ ᠣᠷᠴᠢᠮ ᠤᠨ ᠲᠡᠵᠢᠭᠡᠯᠭᠡ ᠠᠷᠠᠴᠢᠯᠠᠭ᠎ᠠ᠄ ᠡᠨᠡ ᠬᠤᠭᠤᠴᠠᠭ᠎ᠠ  ᠨᠢ ᠮᠡᠭᠡᠵᠢ ᠶᠢᠨ ᠰᠦ ᠲᠠᠲᠠᠭᠤᠷᠠᠵᠤ᠂ ᠲᠣᠷᠤᠢ ᠶᠢᠨ ᠦᠰᠦᠯᠲᠡ ᠨᠢ ᠲᠦᠷᠭᠡᠰᠴᠦ᠂ ᠪᠣᠷᠳᠤᠭ᠎ᠠ ᠨᠦᠬᠦᠬᠦ ᠱᠠᠲᠤ  ᠦᠶ᠎ᠡ ᠪᠣᠯᠤᠨ᠎ᠠ᠃
ᠢᠷᠡᠯᠲᠡ᠄ ᠪᠠᠶᠠᠨ ᠨᠠᠭᠤᠷ ᠤᠨ ᠰᠣᠨᠢᠨ