ᠬᠤᠨᠢᠨ ᠤ ᠦᠷᠡᠵᠢᠯ ᠤᠨ ᠬᠤᠭᠤᠴᠠᠭᠠᠨ ᠳᠠᠬᠢ ᠰᠢᠮ᠎ᠡ ᠲᠡᠵᠢᠭᠡᠯ ᠤᠨ ᠱᠠᠭᠠᠷᠳᠠᠯᠭ᠎ᠠ
ᠨᠡᠶᠢᠲᠡᠯᠡᠭᠰᠡᠨ ᠴᠠᠭ᠄
2022/6/27
     ᠬᠤᠴᠠ ᠪᠣᠯᠤᠨ ᠡᠮ᠎ᠡ ᠬᠤᠨᠢᠨ ᠤ ᠬᠡᠪ ᠤᠨ ᠦᠷᠡᠵᠢᠯ ᠤᠨ ᠴᠢᠳᠠᠪᠤᠷᠢ ᠶᠢ ᠪᠠᠲᠤᠯᠠᠬᠤ ᠳᠤ ᠪᠦᠳᠦᠭᠦᠯᠢᠭ ᠤᠭᠤᠷᠢᠭ ᠢ ᠭᠦᠢᠴᠡᠳ ᠬᠠᠩᠭᠠᠬᠤ ᠠᠴᠠ ᠭᠠᠳᠠᠨ᠎ᠠ᠂ ᠴᠡᠪᠡᠷ ᠤᠭᠤᠷᠠᠭ ᠢ ᠪᠠᠰᠠ ᠵᠣᠬᠢᠬᠤ ᠬᠡᠮᠵᠢᠶ᠎ᠡ ᠪᠠᠷ ᠬᠠᠩᠭᠠᠵᠤ ᠦᠭᠭᠦᠨ᠎ᠡ᠃ ᠡᠭᠦᠨ ᠠᠴᠠ ᠭᠠᠳᠠᠨ᠎ᠠ ᠦᠭᠡᠬᠦ ᠪᠣᠯᠤᠨ ᠸᠢᠲ᠋ᠠᠮᠢᠨ ᠢ ᠭᠦᠢᠴᠡᠳ ᠬᠠᠩᠭᠠᠬᠤ ᠬᠡᠷᠡᠭᠲᠡᠢ᠃ ᠬᠠᠨᠤᠭᠠᠳᠤᠢ ᠦᠭᠡᠬᠦᠨ ᠬᠦᠴᠢᠯ ᠨᠢ ᠦᠷᠡᠵᠢᠯ ᠤᠨ ᠬᠤᠷᠮᠤᠨ ᠢ ᠪᠦᠷᠢᠯᠳᠦᠭᠦᠯᠬᠦ ᠴᠢᠬᠤᠯᠠ ᠪᠤᠳᠠᠰ ᠮᠦᠨ᠂ ᠶᠡᠭᠡ ᠬᠡᠵᠢᠶ᠎ᠡ ᠪᠠᠷ ᠳᠤᠲᠠᠭᠳᠠᠪᠠᠯ ᠬᠤᠨᠢᠨ ᠤ ᠦᠷᠡᠵᠢᠯ ᠤᠨ ᠴᠢᠳᠠᠪᠤᠷᠢ ᠶᠢ ᠨᠦᠯᠦᠭᠡᠯᠡᠨ᠎ᠡ᠃ ᠸᠢᠲ᠋ᠠᠮᠢᠨA ᠳᠤᠲᠠᠭᠳᠠᠪᠠᠯ  ᠬᠤᠴᠠᠨ ᠤ ᠦᠷ᠎ᠡ ᠶᠢᠨ ᠰᠢᠩᠭᠡᠨ ᠤ ᠶᠠᠰᠤ ᠴᠢᠨᠠᠷ ᠨᠢ ᠮᠠᠭᠤᠲᠠᠵᠤ᠂ ᠦᠷᠡᠵᠢᠯ ᠤᠨ ᠴᠢᠳᠠᠪᠤᠷᠢ ᠨᠢ ᠲᠣᠷᠤᠭᠰᠢᠯᠠᠨ᠎ᠠ᠃ ᠡᠮ᠎ᠡ ᠬᠤᠨᠢᠨ ᠤ ᠰᠠᠪᠠ᠂ ᠤᠮᠠᠢ᠂ ᠬᠠᠷᠪᠢᠰᠤᠨ ᠤ ᠨᠢᠯᠴᠠᠭᠠᠢ ᠪᠦᠷᠭᠦᠪᠴᠢ ᠨᠢ ᠡᠪᠡᠷᠰᠢᠵᠦ᠂ ᠬᠡᠭᠡᠯ ᠲᠣᠭᠲᠠᠬᠤ ᠶᠢ ᠨᠦᠯᠦᠭᠡᠯᠡᠵᠦ ᠂ ᠬᠡᠭᠡᠯᠳᠦᠭᠰᠡᠨ ᠴᠤ ᠬᠡᠭᠡᠯ ᠬᠠᠶᠠᠬᠤ ᠨᠢ ᠣᠯᠠᠨ᠃ ᠸᠢᠲ᠋ᠠᠮᠢᠨ D ᠳᠤᠲᠠᠭᠳᠠᠪᠠᠯ ᠡᠮ᠎ᠡ ᠬᠤᠨᠢᠨ ᠤ ᠺᠠᠯᠼ ᠪᠣᠯᠤᠨ ᠹᠣᠰᠹᠤᠷ ᠤᠨ ᠰᠤᠯᠢᠯᠴᠠᠭᠠᠨ ᠳᠤ ᠬᠠᠷᠰᠢ ᠪᠣᠯᠵᠤ᠂ ᠬᠡᠭᠡᠯ ᠤᠨ ᠪᠣᠶᠢᠵᠢᠯᠲᠡ ᠶᠢ ᠨᠦᠯᠦᠭᠡᠯᠡᠨ᠎ᠡ᠃ ᠲᠡᠵᠢᠭᠡᠯ ᠪᠣᠷᠳᠤᠭᠠᠨ ᠳᠤ ᠹᠣᠰᠹᠣᠷ ᠳᠤᠲᠠᠭᠳᠠᠪᠠᠯ ᠡᠮ᠎ᠡ ᠬᠤᠨᠢ ᠨᠢ ᠬᠡᠭᠡᠯᠳᠦᠬᠦ ᠦᠭᠡᠢ ᠪᠣᠶᠤ ᠬᠡᠭᠡᠯ ᠬᠠᠶᠠᠳᠠᠭ᠃B ᠪᠦᠯᠦᠭ ᠤᠨ ᠸᠢᠲ᠋ᠠᠮᠢᠨ ᠳᠤᠲᠠᠭᠳᠠᠪᠠᠯ ᠬᠤᠴᠠᠨ ᠤ ᠲᠦᠮᠦᠰᠦ ᠨᠢ ᠬᠠᠲᠠᠵᠤ᠂ ᠦᠷᠡᠵᠢᠯ ᠤᠨ ᠴᠢᠳᠠᠪᠤᠷᠢ ᠨᠢ ᠪᠠᠭᠤᠷᠠᠨ᠎ᠠ᠃
ᠢᠷᠡᠯᠲᠡ᠄ ᠪᠠᠶᠠᠨ ᠨᠠᠭᠤᠷ ᠤᠨ ᠰᠣᠨᠢᠨ