ᠰᠡᠷᠡᠮᠵᠢᠯᠡ︕  ᠰᠠᠷᠠᠮᠠᠭᠴᠢᠨ ᠤ ᠪᠣᠳᠣ  ᠡᠪᠡᠳᠴᠢᠲᠡᠨ ᠠᠽᠢᠶ᠎ᠠ ᠲᠢᠪ ᠲᠤ ᠢᠯᠡᠷᠡᠪᠡ︕
ᠨᠡᠶᠢᠲᠡᠯᠡᠭᠰᠡᠨ ᠴᠠᠭ᠄
2022/6/24
      ᠰᠢᠩᠭᠠᠫᠣᠷ ᠤᠨ ᠡᠷᠡᠭᠦᠯ ᠬᠠᠮᠠᠭᠠᠯᠠᠯ ᠤᠨ ᠶᠠᠮᠤᠨ 6 ᠰᠠᠷ᠎ᠠ ᠶᠢᠨ 21 ᠤ ᠡᠳᠦᠷ ᠢᠯᠡᠷᠬᠡᠶᠢᠯᠡᠬᠦ ᠳᠡᠭᠡᠨ᠂  ᠰᠢᠩᠭᠠᠫᠣᠷ ᠬᠢᠯᠢ ᠶᠢᠨ ᠭᠠᠳᠠᠨ᠎ᠠ ᠠᠴᠠ ᠣᠷᠣᠵᠤ ᠢᠷᠡᠭᠰᠡᠨ‌ᠠᠩᠬᠠᠳᠠᠭᠴᠢ ᠰᠠᠷᠠᠮᠠᠭᠴᠢᠨ ᠤ ᠪᠣᠳᠣ ᠡᠪᠡᠳᠴᠢᠲᠡᠨ ᠢ  ᠢᠯᠡᠷᠡᠭᠦᠯᠪᠡ᠃ ᠲᠣᠰ ᠣᠨᠣᠰᠢᠯᠠᠭᠳᠠᠭᠰᠠᠨ ᠡᠪᠡᠳᠴᠢᠲᠡᠨ ᠪᠣᠯ ᠠᠩᠭ᠍ᠯᠢ ᠤᠯᠤᠰ ᠤᠨ 42 ᠨᠠᠰᠤᠲᠠᠶ ᠡᠷᠡᠭᠲᠡᠶ ᠪᠣᠯᠤᠨ᠎ᠠ᠂ ᠣᠳᠣᠬᠠᠨ ᠳᠤ ᠰᠢᠩᠭᠠᠫᠣᠷ ᠤᠨ ᠤᠯᠤᠰ ᠤᠨ ᠬᠠᠯᠳᠠᠪᠤᠷᠢᠲᠤ ᠡᠪᠡᠳᠴᠢᠨ ᠤ ᠲᠥᠪ ᠲᠤ ᠡᠮᠨᠡᠭᠦᠯᠵᠦ ᠪᠠᠶᠢᠨ᠎ᠠ᠃ ᠡᠷᠡᠭᠦᠯ ᠬᠠᠮᠠᠭᠠᠯᠠᠯ ᠤᠨ ᠶᠠᠮᠤᠨ  ᠨᠢᠭᠡᠨᠲᠡ13 ᠨᠢᠭᠲᠠ‌ᠤᠶᠢᠷᠠᠳᠤᠭᠴᠢ  ᠶᠢ ᠮᠥᠷᠳᠡᠨ ᠣᠯᠵᠤ᠂ 21 ᠡᠳᠦᠷ ᠲᠤᠰᠠᠭᠠᠷᠯᠠᠨ ᠠᠵᠢᠭᠯᠠᠬᠤ ᠪᠣᠯᠤᠨ᠎ᠠ᠃               ᠡᠷᠡᠭᠦᠯ ᠬᠠᠮᠠᠭᠠᠯᠠᠯ ᠤᠨ ᠶᠠᠮᠤᠨ ᠢᠯᠡᠷᠬᠡᠶᠢᠯᠡᠭᠰᠡᠨ ᠨᠢ᠂ ᠡᠨᠡ ᠬᠦ ᠣᠨᠣᠰᠢᠯᠠᠭᠳᠠᠭᠰᠠᠨ ᠨᠢᠰᠬᠡᠯ ᠤᠨ ᠦᠢᠯᠡᠴᠢᠯᠡᠭᠴᠢ ᠨᠢ 6 ᠰᠠᠷ᠎ᠠ ᠶᠢᠨ 15 ᠤ ᠡᠳᠦᠷ ᠠᠴᠠ 17 ᠤ ᠡᠳᠦᠷ ᠪᠣᠯᠲᠠᠯ᠎ᠠ ᠰᠢᠩᠭᠠᠫᠣᠷ ᠲᠤ ᠰᠠᠭᠠᠲᠠᠵᠤ᠂ 19 ᠤ ᠡᠳᠦᠷ  ᠪᠠᠰᠠ‌‍ᠰᠢᠩᠭᠠᠫᠣᠷ ᠲᠤ ᠣᠷᠣᠵᠤ ᠢᠷᠡᠭᠰᠡᠨ ᠪᠥᠭᠡᠳ 20 ᠤ ᠡᠳᠦᠷ ᠰᠠᠷᠠᠮᠠᠭᠴᠢᠨ ᠤ  ᠪᠣᠳᠣ  ᠡᠪᠡᠳᠴᠢᠲᠡᠨ  ᠢᠶᠠᠷ  ᠤᠨᠤᠰᠢᠯᠠᠭᠳᠠᠪᠠ᠂ᠣᠳᠣᠬᠠᠨ ᠤ ᠪᠠᠶᠢᠳᠠᠯ ᠲᠣᠭᠲᠠᠭᠤᠨ ᠪᠠᠶᠢᠨ᠎ᠠ᠃               ᠺᠣᠷᠢᠶᠠ ᠶᠢᠨ ᠬᠢᠵᠢᠭ ᠢ ᠰᠡᠷᠭᠡᠶᠢᠯᠡᠬᠦ ᠰᠠᠯᠠᠭ᠎ᠠ ᠮᠥᠴᠢᠷ 6 ᠰᠠᠷ᠎ᠠ ᠶᠢᠨ 21 ᠤ ᠡᠳᠦᠷ ᠵᠠᠷᠯᠠᠬᠤ ᠳᠠᠭᠠᠨ᠂ ᠺᠣᠷᠢᠶᠠ ᠳᠤ ᠲᠣᠰ ᠡᠳᠦᠷ ᠰᠠᠷᠠᠮᠠᠭᠴᠢᠨ ᠤ ᠪᠣᠳᠣ ᠡᠪᠡᠳᠴᠢᠨ ᠤ ᠰᠡᠵᠢᠭᠯᠡᠯᠲᠡᠶ ᠨᠢᠭᠡᠨ ᠡᠪᠡᠳᠴᠢᠲᠡᠨ ᠣᠯᠠᠨ ᠤᠯᠤᠰ ᠤᠨ  ᠨᠢᠰᠬᠡᠯ ᠤᠨ ᠪᠠᠭᠤᠳᠠᠯ ᠢᠶᠠᠷ ᠺᠣᠷᠢᠶᠠ ᠳᠤ ᠣᠷᠣᠵᠤ ᠢᠷᠡᠪᠡ᠂ ᠲᠣᠰ ᠰᠡᠵᠢᠭᠯᠡᠯᠲᠡᠶ ᠡᠪᠡᠳᠴᠢᠲᠡᠨ ᠢ ᠲᠣᠰ ᠡᠳᠦᠷ ᠤᠨ ᠦᠳᠡᠰᠢ  ᠶᠢᠨ  21ᠴᠠᠭ 40 ᠮᠢᠨᠦ᠋ᠲ ᠤᠨ ᠦᠶ᠎ᠡ ᠪᠠᠷ ᠡᠮᠨᠡᠯᠭᠡ ᠶᠢᠨ ᠬᠤᠷᠢᠶ᠎ᠠ ᠳᠤ ᠬᠦᠷᠭᠡᠵᠦ ᠲᠤᠰᠠᠭᠠᠷᠯᠠᠨ ᠡᠮᠨᠡᠭᠦᠯᠪᠡ ᠭᠡᠵᠡᠶ᠃        ᠺᠣᠷᠢᠶᠠ ᠶᠢᠨ ᠡᠪᠡᠳᠴᠢᠨ ᠡᠮᠭᠡᠭ ᠤᠨ ᠬᠠᠮᠢᠶᠠᠷᠤᠯᠲᠠ ᠶᠢᠨ ᠲᠢᠩᠬᠢᠮ 5 ᠰᠠᠷ᠎ᠠ ᠶᠢᠨ 31 ᠤ ᠡᠳᠦᠷ  ᠰᠠᠷᠠᠮᠠᠭᠴᠢᠨ ᠤ ᠪᠣᠳᠣ ᠡᠪᠡᠳᠴᠢᠨ ᠢ ᠤᠷᠢᠳᠴᠢᠯᠠᠨ ᠰᠡᠷᠡᠮᠵᠢᠯᠡᠭᠦᠯᠬᠦ ᠲᠠᠰ ᠢ ︽ᠠᠩᠬᠠᠷᠬᠤ︾ ᠲᠠᠰ ᠪᠣᠯᠭᠠᠨ ᠳᠡᠭᠡᠭᠰᠢᠯᠡᠭᠦᠯᠬᠦ ᠪᠠᠷ ᠲᠣᠭᠲᠠᠵᠤ᠂ ᠪᠠᠰᠠ  ᠰᠠᠷᠠᠮᠠᠭᠴᠢᠨ ᠤ ᠪᠣᠳᠣ  ᠡᠪᠡᠳᠴᠢᠨ ᠢ ᠬᠥᠬᠡᠭᠴᠢᠨ  ᠲᠥᠷᠥᠯ ᠤᠨ  ᠬᠠᠤᠯᠢ ᠪᠠᠷ  ᠲᠣᠭᠲᠠᠭᠠᠭᠰᠠᠨ  ᠬᠠᠯᠳᠠᠪᠤᠷᠢᠲᠤ‌ᠡᠪᠡᠳᠴᠢᠨ ᠢᠶᠠᠷ ᠲᠣᠭᠲᠠᠭᠠᠵᠤ᠂ ᠰᠡᠵᠢᠭᠯᠡᠯᠲᠡᠶ ᠡᠪᠡᠳᠴᠢᠲᠡᠨ ᠢ ᠳᠡᠭᠡᠭᠰᠢ ᠮᠡᠳᠡᠭᠦᠯᠬᠦ᠂ ᠲᠠᠬᠤᠯ ᠡᠪᠡᠳᠴᠢᠨ ᠤ  ᠰᠤᠳᠤᠯᠤᠯ ᠤᠨ ᠪᠠᠶᠢᠴᠠᠭᠠᠯᠲᠠ ᠬᠢᠬᠦ᠂ ᠡᠮᠴᠢᠯᠡᠭᠡᠨ ᠤ ᠪᠠᠶᠢᠭᠤᠯᠤᠮᠵᠢ ᠶᠢ ᠵᠢᠭᠠᠨ ᠲᠣᠭᠲᠠᠭᠠᠬᠤ ᠪᠠ ᠲᠤᠰᠠᠭᠠᠷᠯᠠᠨ ᠠᠷᠭᠠᠴᠠᠬᠤ  ᠵᠡᠷᠭᠡ ᠠᠷᠭ᠎ᠠ ᠬᠡᠮᠵᠢᠶ᠎ᠡ ᠠᠪᠴᠠᠶ᠃ 
ᠢᠷᠡᠯᠲᠡ᠄ ᠠᠷᠠᠳ ᠤᠨ ᠰᠦᠯᠵᠢᠶ᠎ᠡ