ᠲᠤᠰᠤᠨ ᠤ ᠦᠨ᠎ᠡ ᠪᠡᠭᠤᠷᠡᠬᠤ ᠪᠤᠯᠤᠮᠵᠢ ᠲᠠᠢ
ᠨᠡᠶᠢᠲᠡᠯᠡᠭᠰᠡᠨ ᠴᠠᠭ᠄
2022/6/24
      ᠤᠯᠤᠰ ᠤᠨ ᠳᠣᠲᠣᠭᠠᠳᠤ ᠶᠢᠨ  ᠪᠣᠯᠪᠠᠰᠤᠷᠠᠭᠤᠯᠤᠭᠰᠠᠨ  ᠴᠢᠯᠠᠭᠤᠨ  ᠲᠣᠰᠣᠨ ᠤ  ︽12  ᠳ᠋ᠤᠭᠠᠷ  ᠡᠭᠡᠯᠵᠢ︾ ᠶᠢᠨ ᠦᠨ᠎ᠡ ᠶᠢᠨ ᠲᠣᠬᠢᠷᠠᠭᠤᠯᠤᠯᠲᠠ 6 ᠰᠠᠷ᠎ᠠ ᠶᠢᠨ 28 ᠤ ᠡᠳᠦᠷ ᠤᠨ 24 ᠴᠠᠭ ᠲᠤ ᠡᠬᠢᠯᠡᠨ᠎ᠡ᠃᡽ ᠵᠢᠱᠢᠯᠲᠡ ᠪᠠᠷ  ᠲᠣᠰᠣᠨ ᠤ ᠦᠨ᠎ᠡ ᠲᠣᠨ  ᠪᠦᠷᠢ ᠳᠡᠭᠡᠨ  150  ᠲᠥᠭᠦᠷᠢᠭ  ᠪᠠᠭᠤᠷᠠᠵᠤ᠂  ᠡᠬᠦᠨ ᠢ  ᠨᠤᠭᠤᠯᠵᠦ  ᠪᠤᠳᠤᠪᠠᠯ᠂  ᠯᠢᠲᠷ  ᠪᠦᠷᠢ  ᠳᠡᠭᠡᠨ0.12 ᠠᠴᠠ 0.13 ᠲᠦᠭᠦᠷᠢᠭ ᠪᠠᠭᠤᠷᠠᠬᠤ ᠪᠤᠯᠤᠮᠵᠢ ᠲᠠᠢ᠃ ᠣᠳᠣᠬᠠᠨ ᠤ ᠲᠣᠰᠣᠨ ᠤ  ᠦᠨ᠎ᠡ ᠶᠢᠨ  ᠬᠤᠪᠢᠷᠡᠯᠳᠡ  ᠶᠢᠨ ᠬᠠᠨᠳᠤᠰᠢ ᠠᠴᠠ ᠦᠵᠡᠪᠡᠯ᠂ ᠲᠣᠰ ᠡᠭᠡᠯᠵᠢ ᠶᠢᠨ ᠲᠣᠰᠣᠨ ᠤ ᠦᠨ᠎ᠡ ᠪᠠᠭᠤᠷᠠᠬᠤ ᠪᠤᠯᠤᠮᠵᠢ ᠲᠠᠢ ᠪᠠᠶᠢᠭ᠎ᠠ ᠨᠢ ᠣᠶᠢᠷ᠎ᠠ ᠶᠢᠨ  4ᠤᠳᠠᠭ᠎ᠠ ᠳᠠᠷᠠᠭᠠᠯᠠᠨ ᠥᠰᠦᠭᠰᠡᠨ ᠪᠠᠶᠢᠳᠠᠯ ᠢ ᠡᠴᠦᠰᠯᠡᠬᠦᠯᠬᠦ ᠪᠤᠯᠤᠨ᠎ᠠ᠃            
ᠢᠷᠡᠯᠲᠡ᠄ ᠦᠪᠣᠷ ᠮᠣᠩᠭᠤᠯ ᠤᠨ ᠮᠣᠩᠭᠤᠯ ᠷᠠᠳᠢᠣ᠋