ᠪᠦᠭᠡᠷᠡᠩᠬᠡᠢ ᠴᠠᠭᠠᠨ ᠨᠣᠭᠤᠭ᠎ᠠ ᠶᠢᠨ ᠴᠢᠬᠢ ᠪᠣᠶᠢᠵᠢᠭᠤᠯᠬᠤ ᠮᠡᠷᠭᠡᠵᠢᠯ
ᠨᠡᠶᠢᠲᠡᠯᠡᠭᠰᠡᠨ ᠴᠠᠭ᠄
2022/6/23
       ᠪᠦᠭᠡᠷᠡᠩᠭᠡᠢ ᠴᠠᠭᠠᠨ ᠨᠤᠭᠤᠭᠠᠨ ᠢ ᠬᠠᠭᠤᠷᠠᠢ ᠦᠷ᠎ᠡ ᠪᠠᠷ ᠲᠠᠷᠢᠬᠤ ᠪᠤᠶᠤ ᠨᠠᠬᠢᠶᠠᠯᠠᠭᠤᠯᠤᠨ ᠲᠠᠷᠢᠳᠠᠭ᠃ ᠦᠷ᠎ᠡ ᠶᠢ ᠳᠡᠪᠳᠦᠭᠡᠵᠦ ᠨᠠᠬᠢᠶᠠᠯᠠᠭᠤᠯᠤᠭᠠᠳ ᠲᠠᠷᠢᠬᠤ ᠨᠢ ᠬᠠᠭᠤᠷᠠᠢ ᠦᠷ᠎ᠡ ᠪᠠᠷ ᠲᠠᠷᠢᠬᠤ ᠠᠴᠠ ᠰᠠᠶᠢᠨ ᠦᠷ᠎ᠡ ᠪᠦᠲᠦᠮᠵᠢ ᠣᠯᠳᠠᠭ᠃  ᠡᠶᠢᠮᠦ ᠠᠴᠠ50-5 ᠭᠷᠡᠳᠦ᠋ᠰ ᠤᠨ ᠤᠰᠤᠨ ᠳᠤ ᠦᠷ᠎ᠡ ᠶᠢ ᠳᠡᠪᠲᠦᠭᠡᠬᠦ ᠪᠣᠶᠤ ᠡᠮ ᠢᠶᠠᠷ ᠲᠤᠭᠤᠯᠤᠭᠤᠯᠪᠠᠯ ᠡᠪᠡᠳᠴᠢᠨ ᠤ ᠪᠠᠺᠲ᠋ᠧᠷᠢ ᠶᠢ ᠠᠯᠠᠵᠤ ᠡᠪᠡᠳᠴᠢᠨ ᠤ ᠬᠦᠨᠦᠭᠡᠯ ᠡᠭᠦᠰᠬᠦ ᠶᠢ ᠬᠤᠷᠢᠭᠠᠬᠤ ᠪᠤᠶᠤ ᠪᠠᠭᠠᠰᠬᠠᠵᠤ ᠴᠢᠳᠠᠨ᠎ᠠ᠃  ᠬᠠᠯᠠᠭᠤᠨ ᠤ ᠦᠷ᠎ᠡ ᠳᠤ ᠪᠦᠭᠡᠷᠡᠩᠬᠡᠢ ᠴᠠᠭᠠᠨ  ᠨᠣᠭᠤᠭ᠎ᠠ ᠲᠠᠷᠢᠬᠤ ᠳᠤ ᠴᠢᠬᠢᠷᠰᠦ ᠪᠣᠶᠤ ᠡᠪᠡᠰᠦᠨ ᠣᠷᠬᠢᠭᠤᠯ ᠢᠶᠠᠷ ᠭᠡᠷᠡᠯ ᠬᠠᠯᠬᠠᠯᠠᠪᠠᠯ  ᠬᠤᠷᠴᠠ ᠨᠠᠷᠠᠨ ᠤ ᠴᠢᠬᠢ ᠰᠢᠷᠬᠠᠳᠤᠬᠤ ᠪᠠ ᠪᠣᠷᠤᠭ᠎ᠠ ᠤᠰᠤᠨ ᠳᠤ ᠴᠢᠬᠢ ᠱᠠᠪᠰᠢᠭᠳᠠᠬᠤ ᠠᠴᠠ ᠰᠡᠷᠭᠡᠶᠢᠯᠡᠵᠦ ᠴᠢᠳᠠᠨ᠎ᠠ᠃ ᠬᠠᠮᠤᠭ ᠰᠠᠶᠢᠨ ᠨᠢ ᠦᠳᠡ ᠶᠢᠨ ᠬᠤᠶᠢᠨ᠎ᠠ ᠲᠠᠷᠢᠨ᠎ᠠ48-72 ᠴᠠᠭ ᠲᠤ ᠴᠢᠬᠢᠯᠡᠬᠦ ᠪᠣᠯᠬᠤᠷ ᠦᠳᠡ ᠶᠢᠨ ᠬᠠᠯᠠᠭᠤᠨ ᠠᠴᠠ ᠵᠠᠶᠢᠯᠠᠰᠬᠢᠬᠦ ᠬᠡᠷᠡᠭᠲᠡᠢ᠃  ᠨᠢᠯᠬ᠎ᠠ ᠴᠢᠬᠢ ᠶᠢ ᠡᠷᠬᠡᠪᠰᠢ ᠦᠨᠳᠦᠷ  ᠬᠠᠯᠠᠭᠤᠨ ᠳᠤ ᠳᠠᠭᠠᠭᠠᠴᠠᠲᠠᠢ᠂ ᠡᠪᠡᠳᠴᠢᠨ ᠢ ᠡᠰᠡᠷᠭᠦᠴᠡᠬᠦ ᠴᠢᠳᠠᠪᠤᠷᠢ ᠴᠢᠩᠭ᠎ᠠ ᠪᠣᠯᠭᠠᠬᠤ ᠬᠡᠷᠡᠭᠲᠡᠢ᠃ ᠡᠩ ᠤᠨ ᠪᠠᠶᠢᠳᠠᠯ ᠳᠤ ᠴᠢᠬᠢ ᠰᠠᠯᠭᠠᠵᠤ ᠪᠣᠶᠢᠵᠢᠭᠤᠯᠬᠤ ᠦᠭᠡᠢ ᠂ ᠴᠢᠬᠢ ᠶᠢᠨ ᠰᠢᠮ᠎ᠡ ᠲᠡᠵᠢᠭᠡᠯ ᠬᠦᠷᠲᠡᠬᠦ ᠲᠠᠯᠠᠪᠡᠢ ᠶᠢ ᠪᠠᠲᠤᠯᠠᠪᠠᠯ ᠪᠣᠯᠴᠢᠬᠠᠨ᠎ᠠ᠃ ᠪᠦᠷᠢᠨ ᠴᠢᠬᠢᠯᠡᠬᠦ ᠠᠴᠠ ᠠᠪᠤᠭᠠᠳ ᠨᠢᠭᠡᠳᠦᠭᠡᠷ ᠵᠢᠩᠬᠢᠨᠢ ᠨᠠᠪᠴᠢ ᠳᠡᠯᠭᠡᠬᠦ ᠪᠣᠯᠲᠠᠯᠠᠬᠢ ᠬᠤᠭᠤᠴᠠᠭᠠᠨ ᠳᠤ ᠴᠢᠬᠢ ᠢᠯᠭᠠᠵᠤ᠂ ᠢᠯᠡᠭᠦᠴᠡ ᠢᠭᠴᠤ ᠴᠢᠬᠢ ᠶᠢ ᠰᠢᠩᠭᠡᠯᠡᠵᠦ᠂ ᠨᠦᠭᠡ ᠪᠦᠷᠢ ᠳᠤ 2 ᠴᠢᠬᠢ ᠦᠯᠡᠳᠡᠭᠡᠨ᠎ᠡ᠃ 3 ᠵᠢᠩᠬᠢᠨᠢ ᠨᠠᠪᠴᠢ ᠭᠠᠷᠤᠭᠰᠠᠨ ᠦᠶ᠎ᠡ ᠳᠤ ᠴᠢᠬᠢ ᠰᠠᠭᠤᠯᠭᠠᠵᠤ᠂ ᠨᠦᠭᠡ ᠪᠦᠷᠢ ᠳᠤ1 ᠴᠢᠬᠢ ᠰᠤᠩᠭᠤᠨ ᠦᠯᠡᠭᠡᠳᠡᠨ᠎ᠡ᠃
ᠢᠷᠡᠯᠲᠡ᠄ ᠪᠠᠶᠠᠨ ᠨᠠᠭᠤᠷ ᠤᠨ ᠰᠣᠨᠢᠨ