80  ᠨᠠᠰᠣᠨ ᠠᠴᠠ  ᠳᠡᠭᠡᠭᠰᠢᠬᠢ  ᠨᠠᠰᠣᠲᠠᠶᠢᠴᠤᠳ ᠦᠨᠳᠦᠷ ᠨᠠᠰᠣᠨ ᠤ ᠨᠡᠮᠡᠬᠦᠷᠢ ᠭᠤᠶᠣᠴᠢᠯᠠᠨ ᠠᠪᠴᠦ ᠪᠣᠯᠣᠨ᠎ᠠ
ᠨᠡᠶᠢᠲᠡᠯᠡᠭᠰᠡᠨ ᠴᠠᠭ᠄
2022/6/22
      ᠡᠨᠡ ᠵᠢᠯ ᠠᠴᠠ ᠡᠬᠢᠯᠡᠨ᠂ ᠬᠥᠬᠡᠬᠤᠲᠠ ᠨᠠᠰᠣᠲᠠᠶᠢᠴᠤᠳ ᠤᠨ ᠥᠨᠳᠥᠷ ᠨᠠᠰᠣᠨ ᠤ ᠨᠡᠮᠡᠭᠦᠷᠢ ᠶᠢᠨ ᠬᠢᠷᠢ ᠬᠡᠮ ᠤᠨ ᠭᠡᠷᠡᠴᠢᠯᠡᠯᠲᠡ ᠶᠢ ᠤᠶᠤᠨᠴᠢᠯᠠᠵᠦ᠂ ᠨᠠᠰᠣᠲᠠᠶᠢᠴᠤᠳ ᠬᠡᠷ ᠠᠴᠠ ᠪᠠᠨ ᠭᠠᠷᠬᠤ ᠥᠬᠡᠶ ᠪᠠᠷ ᠭᠠᠷ ᠣᠳᠠᠰᠦ ᠪᠠᠷ ᠢᠶᠠᠨ ᠳᠠᠮᠵᠢᠨ ᠥᠨᠳᠥᠷ ᠨᠠᠰᠤᠲᠠᠨ ᠤ ᠨᠡᠮᠡᠭᠦᠷᠢ ᠭᠤᠶᠣᠴᠢᠯᠠᠨ ᠠᠪᠬᠤ ᠶᠢ ᠪᠡᠶᠡᠯᠡᠬᠦᠯᠪᠡ᠃ ᠣᠲᠣ ᠪᠣᠯᠲᠠᠯ᠎ᠠ᠂ ᠬᠥᠬᠡᠬᠤᠲᠠ ᠶᠢᠨ 80 ᠨᠠᠰᠣᠨ‌ᠡᠴᠠ ᠳᠡᠭᠡᠭᠰᠢᠬᠢ 64802 ᠨᠠᠰᠤᠲᠠᠨ ᠨᠢᠭᠡᠨᠲᠡ ᠦᠨᠳᠦᠷ ᠨᠠᠰᠣᠨ ᠤ ᠨᠡᠮᠡᠬᠦᠷᠢ ᠪᠠᠨ ᠭᠤᠶᠤᠴᠢᠯᠠᠭᠰᠠᠨ ᠪᠠᠶᠢᠨ᠎ᠠ᠃               ᠪᠦᠬᠦᠯᠢ 80 ᠨᠠᠰᠤᠨ ᠠᠴᠠ ᠳᠡᠭᠡᠭᠰᠢᠬᠢ ᠨᠠᠰᠣᠲᠠᠶᠢᠴᠤᠳ ᠥᠨᠳᠥᠷ ᠨᠠᠰᠤᠨ ᠤ ᠨᠡᠮᠡᠭᠦᠷᠢ ᠭᠤᠶᠤᠴᠢᠯᠠᠬᠤ ᠳᠤ ᠪᠠᠨ᠂ ᠣᠶᠣᠨᠴᠢ ᠭᠠᠷ ᠣᠳᠠᠰᠣ ᠪᠠᠷ ︽ᠥᠪᠥᠷ ᠮᠣᠩᠭᠤᠯ ᠤᠨ ᠠᠷᠠᠳ ᠤᠨ ᠶᠠᠪᠤᠳᠠᠯ︾ ᠸᠢᠴᠠᠲ ᠤᠨ ᠣᠯᠠᠨ ᠨᠡᠶᠢᠲᠡ ᠶᠢᠨ ᠳ᠋ᠤᠭᠠᠷ ᠤᠨ ︽ᠠᠷᠠᠳ ᠲᠤ ᠲᠥᠬᠦᠮ ᠦᠵᠡᠭᠦᠯᠬᠦ ᠦᠢᠯᠡᠴᠢᠯᠡᠬᠡᠨ ᠤ ᠪᠤᠯᠤᠩ︾ ᠪᠤᠶᠤ  ︽ᠥᠪᠥᠷ  ᠮᠣᠩᠭᠤᠯ ᠤᠨ ᠥᠨᠳᠥᠷ ᠨᠠᠰᠤᠲᠠᠨ ᠤ ᠨᠡᠮᠡᠭᠦᠷᠢ ᠭᠤᠶᠣᠴᠢᠯᠠᠬᠤ︾ ᠪᠢᠴᠢᠯ ᠫᠷᠤᠭ᠍ᠷᠠᠮ ᠳᠤ ᠣᠷᠣᠵᠦ ᠦᠨᠡᠨ ᠨᠡᠷ᠎ᠡ ᠪᠠᠷ ᠢᠶᠠᠨ ᠳᠠᠩᠰᠠᠯᠠᠭᠤᠯᠣᠨ᠂ ᠣᠪᠣᠭ ᠨᠡᠷ᠎ᠡ ᠪᠠ ᠪᠡᠶ᠎ᠡ ᠶᠢᠨ ᠦᠨᠡᠮᠯᠡᠯ ᠤᠨ ᠨᠣᠮᠧᠷ ᠢᠶᠠᠨ ᠣᠷᠣᠭᠤᠯᠵᠦ᠂ ᠰᠢᠰᠲ᠋ᠧᠮ ᠤᠨ ᠰᠠᠨᠠᠭᠤᠯᠤᠮᠵᠢ ᠪᠠᠷ ᠬᠠᠮᠢᠶ᠎ᠠ ᠪᠦᠬᠦᠢ ᠰᠣᠷᠠᠭ  ᠵᠠᠩᠭᠢ ᠪᠠᠨ ᠲᠠᠭᠯᠠᠨ᠎ᠠ᠃             ᠣᠶᠢᠯᠠᠭᠠᠭᠰᠠᠨ ᠢᠶᠠᠷ᠂ ᠮᠠᠨ ᠤ ᠣᠷᠣᠨ ᠳᠤ ᠡᠷᠦᠬᠡ ᠠᠮᠠ ᠶᠢᠨ ᠲᠠᠩᠰᠠ ᠲᠠᠢ ᠮᠦᠷᠳᠡᠭᠡᠨ ᠪᠦᠬᠦᠯᠢ 80 ᠨᠠᠰᠣᠨ ᠠᠴᠠ ᠳᠡᠭᠡᠭᠰᠢᠬᠢ ᠨᠠᠰᠤᠲᠠᠶᠢᠴᠤᠳ ᠴᠥᠮ ᠦᠨᠳᠦᠷ ᠨᠠᠰᠣᠨ ᠤ ᠨᠡᠮᠡᠬᠦᠷᠢ ᠶᠢ ᠭᠤᠶᠣᠴᠢᠯᠠᠨ ᠠᠪᠴᠦ ᠪᠣᠯᠤᠨ᠎ᠠ᠃  ᠡᠬᠦᠨ ᠳᠤ᠂ ᠪᠦᠬᠦᠯᠢ 80—99 ᠨᠠᠰᠣᠨ ᠤ ᠬᠤᠭᠤᠷᠣᠨᠲᠦᠭᠢ ᠨᠠᠰᠤᠲᠠᠶᠢᠴᠤᠳ ᠲᠤ ᠬᠥᠮᠦᠨ ᠪᠦᠷᠢ ᠰᠠᠷ᠎ᠠ ᠶᠢᠨ 100 ᠲᠥᠭᠦᠷᠢᠭ᠂ ᠪᠦᠬᠦᠯᠢ 100 ᠨᠠᠰᠤᠨ ᠠᠴᠠ ᠳᠡᠭᠡᠭᠰᠢᠬᠢ ᠨᠠᠰᠤᠲᠠᠶᠢᠴᠤᠳ ᠲᠤ ᠬᠥᠮᠦᠨ ᠪᠦᠷᠢ ᠰᠠᠷ᠎ᠠ ᠶᠢᠨ 600 ᠲᠥᠭᠦᠷᠢᠭ  ᠤᠨ ᠨᠡᠮᠡᠬᠦᠷᠢ ᠣᠯᠭᠤᠨ᠎ᠠ᠃                                    
ᠢᠷᠡᠯᠲᠡ᠄ ᠦᠪᠣᠷ ᠮᠣᠩᠭᠤᠯ ᠤᠨ ᠮᠣᠩᠭᠤᠯ ᠷᠠᠳᠢᠣ᠋