︽ᠥᠨᠵᠢᠭᠰᠡᠨ ᠵᠠᠭᠤᠰᠢ︾ ᠭᠡᠳᠡᠭ ᠨᠢ ᠵᠥᠪᠬᠡᠨ ᠨᠢᠭᠡ ᠬᠤᠨᠤᠭ ᠲᠠᠯᠪᠢᠭᠰᠠᠨ ᠢ ᠬᠡᠯᠡᠵᠦ ᠪᠠᠶᠢᠭ᠎ᠠ ᠪᠢᠰᠢ᠃ ᠰᠢᠨᠵᠢᠯᠡᠬᠦᠤᠬᠠᠭᠠᠨ ᠤ ᠲᠠᠯ᠎ᠠ ᠠᠴᠠ ᠠᠪᠴᠤ | ᠬᠡᠯᠡᠪᠡᠯ᠂ 8~10 ᠴᠠᠭ ᠭᠠᠷᠤᠶ ᠲᠠᠯᠪᠢᠭᠰᠠᠨ ᠵᠠᠭᠤᠰᠢ ᠶᠢ ᠪᠦᠷ ᠥᠨᠵᠢᠭᠰᠡᠨ ᠵᠠᠭᠤᠰᠢ ᠳᠤ ᠲᠤᠭᠠᠴᠠᠨ᠎ᠠ᠃ ᠢᠳᠡᠭᠡᠨ ᠢ ᠤᠳᠠᠭᠠᠨ ᠲᠠᠯᠪᠢᠬᠤ ᠲᠤᠰᠤᠮ᠂ | ᠳᠣᠲᠣᠷᠠᠬᠢ ᠲᠠᠲᠠᠭᠤ ᠠᠽᠣᠲ ᠬᠦᠴᠢᠯ ᠤᠨ ᠳᠠᠪᠤᠰᠤᠨ ᠤ ᠠᠭᠤᠯᠤᠭᠳᠠᠴᠠ ᠨᠢ ᠳᠠᠭᠠᠯᠳᠤᠨ ᠨᠡᠮᠡᠭᠳᠡᠨ᠎ᠡ᠃ ᠴᠥᠭᠡᠨ ᠪᠤᠰᠤ ᠬᠥᠮᠦᠨ ᠶᠡᠷᠦ ᠨᠢ ᠲᠠᠲᠠᠭᠤ ᠠᠽᠣᠲ | ᠬᠦᠴᠢᠯ ᠤᠨ ᠳᠠᠪᠤᠰᠤ ᠳᠤ ᠬᠤᠤᠷᠠᠲᠠᠬᠲᠠᠬᠤ᠂ ᠴᠢᠨᠠᠭᠰᠢᠯᠠᠭᠠᠳ ᠥᠮᠡᠨ ᠡᠪᠡᠳᠴᠢᠨ ᠡᠭᠦᠰᠭᠡᠬᠦ ᠠᠴᠠ ᠵᠣᠪᠠᠳᠠᠭ᠃ ᠪᠣᠳᠠᠲᠤ ᠬᠡᠷᠡᠭ ᠦᠨᠡᠬᠡᠷ ᠡᠶᠢᠮᠦ ᠦᠦ︖ | ᠲᠠᠲᠠᠭᠤ ᠠᠽᠣᠲ ᠬᠦᠴᠢᠯ ᠤᠨ ᠳᠠᠪᠤᠰᠤᠨ ᠤ ᠲᠣᠰ ᠪᠡᠶ᠎ᠡ ᠨᠢ ᠥᠮᠡᠨ ᠡᠭᠦᠰᠭᠡᠬᠦ ᠥᠬᠡᠶ᠃ ᠦᠨᠡᠨ ᠳᠡᠭᠡᠨ ᠲᠠᠲᠠᠭᠤ ᠠᠽᠣᠲ ᠬᠦᠴᠢᠯ ᠤᠨ ᠳᠠᠪᠤᠰᠤᠨ ᠤ | ᠲᠣᠰ ᠪᠡᠶ᠎ᠡ ᠨᠢ ᠥᠮᠡᠨ ᠡᠭᠦᠰᠭᠡᠬᠦ ᠥᠬᠡᠶ ᠶᠤᠮ᠃ ᠲᠡᠷᠡ ᠨᠢ ᠪᠠᠶᠢᠭᠠᠯᠢ ᠶᠢᠷᠲᠢᠨᠴᠦ ᠶᠢᠨ ᠣᠷᠴᠢᠨ ᠲᠣᠭᠤᠷᠢᠨ ᠳᠤ ᠥᠷᠭᠡᠨ ᠳᠡᠯᠭᠡᠷ ᠣᠷᠣᠰᠢᠵᠤ ᠪᠠᠶᠢᠳᠠᠭ᠂ | ᠢᠯᠠᠩᠭᠤᠶ᠎ᠠ ᠢᠳᠡᠭᠡᠨ ᠤ ᠳᠣᠲᠣᠷ᠎ᠠ᠂ ᠵᠢᠱᠢᠶᠡᠯᠡᠪᠡᠯ ᠢᠳᠡᠰᠢᠨ ᠨᠣᠭᠤᠭ᠎ᠠ ᠶᠢᠨ ᠳᠣᠲᠣᠷᠠᠬᠢ ᠲᠠᠲᠠᠭᠤ ᠠᠽᠣᠲ ᠬᠦᠴᠢᠯ ᠤᠨ ᠳᠠᠪᠤᠰᠤᠨ ᠤ ᠳᠤᠮᠳᠠᠴᠢ | ᠠᠭᠤᠯᠤᠭᠳᠠᠴᠠ ᠨᠢ ᠪᠠᠷᠤᠭ 4 mg / kg᠂ ᠮᠢᠬᠠᠨ ᠤ ᠲᠥᠷᠥᠯ ᠨᠢ ᠪᠠᠷᠤᠭ 3 mg / kg᠂ ᠥᠨᠳᠡᠭᠡᠨ ᠤ ᠲᠥᠷᠥᠯ ᠨᠢ ᠪᠠᠷᠤᠭ 5 mg / kg | ᠪᠠᠶᠢᠳᠠᠭ᠃ ᠬᠠᠷᠢᠨ ᠢᠳᠡᠰᠢᠨ ᠨᠣᠭᠤᠭ᠎ᠠ ᠵᠢᠮᠢᠰ ᠢ ᠲᠡᠭᠦᠵᠦ ᠬᠤᠷᠢᠶᠠᠭᠰᠠᠨ ᠤ ᠳᠠᠷᠠᠭ᠎ᠠ᠂ᠪᠠᠰᠠ ᠲᠠᠲᠠᠭᠤ ᠠᠽᠣᠲ ᠬᠦᠴᠢᠯ ᠤᠨ ᠳᠠᠪᠤᠰᠤ ᠲᠠᠰᠤᠷᠠᠯᠲᠠ ᠥᠬᠡᠶ | ᠡᠭᠦᠰᠳᠡᠭ᠃ ᠡᠭᠦᠨ ᠠᠴᠠ ᠭᠠᠳᠠᠨ᠎ᠠ᠂ ᠲᠠᠲᠠᠭᠤ ᠠᠽᠣᠲ ᠬᠦᠴᠢᠯ ᠤᠨ ᠳᠠᠪᠤᠰᠤ ᠨᠢ ᠪᠠᠰᠠ ᠬᠠᠤᠯᠢ ᠶᠣᠰᠣᠭᠠᠷ ᠬᠡᠷᠡᠭᠯᠡᠵᠦ ᠪᠣᠯᠬᠤ ᠢᠳᠡᠭᠡᠨ ᠤ ᠢᠯᠵᠢᠷᠡᠬᠦ ᠶᠢ | ᠰᠡᠷᠭᠡᠶᠢᠯᠡᠬᠦ ᠡᠳ᠋ ᠪᠣᠯᠤᠨ᠎ᠠ᠂ ᠤᠯᠤᠰ ᠤᠨ ᠢᠳᠡᠭᠡᠨ ᠤ ᠠᠮᠤᠷ ᠲᠦᠪᠰᠢᠨ ᠤ ᠪᠠᠷᠢᠮᠵᠢᠶ᠎ᠠ ᠶᠢᠨ ᠬᠡᠪᠴᠢᠶᠡᠨ ᠳᠤ ᠪᠣᠯ ᠡᠷᠡᠭᠦᠯ ᠮᠡᠨᠳᠦ ᠶᠢᠨ ᠲᠦᠭᠰᠢᠭᠦᠷᠢ ᠦᠭᠡᠢ ᠶᠤᠮ᠃ | ᠵᠢᠱᠢᠶᠡᠯᠡᠪᠡᠯ᠄ ᠮᠠᠨ ᠤ ᠠᠮᠢᠳᠤᠷᠠᠯ ᠳᠤ ᠦᠷᠭᠦᠯᠵᠢ ᠢᠳᠡᠳᠡᠭ ᠬᠢᠮ᠎ᠠ᠂ ᠳᠠᠪᠤᠰᠤᠯᠠᠭᠰᠠᠨ ᠮᠢᠬ᠎ᠠ ᠵᠡᠷᠭᠡ ᠳᠠᠪᠤᠰᠤᠯᠠᠭᠰᠠᠨ ᠢᠳᠡᠭᠡᠨ ᠤ ᠳᠣᠲᠣᠷ᠎ᠠ ᠳᠠᠷᠤᠶ ᠲᠠᠲᠠᠭᠤ | ᠠᠽᠣᠲ ᠬᠦᠴᠢᠯ ᠤᠨ ᠳᠠᠪᠤᠰᠤ ᠶᠢ ᠨᠡᠮᠡᠭᠰᠡᠨ ᠪᠠᠶᠢᠵᠤ ᠮᠡᠳᠡᠨ᠎ᠡ᠃ | ᠵᠣᠬᠢᠬᠤ ᠨᠥᠬᠦᠴᠡᠯ ᠳᠣᠣᠷ᠎ᠠ ᠲᠠᠲᠠᠭᠤ ᠠᠽᠣᠲ ᠬᠦᠴᠢᠯ ᠤᠨ ᠳᠠᠪᠤᠰᠤ ᠬᠤᠣᠷ ᠲᠠᠢ᠃ ᠥᠨᠵᠢᠭᠰᠡᠨ ᠵᠠᠭᠤᠰᠢ ᠨᠣᠭᠤᠭ᠎ᠠ ᠬᠤᠣᠷ ᠲᠠᠢ᠂ ᠥᠮᠡᠨ | ᠡᠭᠦᠰᠭᠡᠬᠦ ᠠᠶᠤᠯ ᠲᠠᠢ ᠭᠡᠳᠡᠭ ᠨᠢ ᠲᠡᠷᠡ ᠪᠦᠬᠦᠨ ᠢᠶᠠᠷ ᠢᠶᠠᠨ ᠤᠷᠤ ᠦᠭᠡᠢ ᠭᠠᠵᠠᠷ ᠤᠪᠤᠭ᠎ᠠ ᠪᠤᠰᠬᠠᠬᠰᠠᠨ ᠦᠭᠡ ᠪᠢᠰᠢ᠄ ᠨᠢᠭᠡ ᠲᠠᠯ᠎ᠠ ᠪᠠᠷ᠂ ᠬᠡᠷᠪᠡ ᠣᠬᠤᠷᠬᠠᠨ | ᠬᠤᠭᠤᠴᠠᠭᠠᠨ ᠳᠤ ᠲᠠᠲᠠᠭᠤ ᠠᠽᠣᠲ ᠬᠦᠴᠢᠯ ᠤᠨ ᠳᠠᠪᠤᠰᠤ ᠶᠢ ᠬᠡᠲᠦᠷᠡᠲᠡᠯ᠎ᠡ ᠢᠳᠡᠪᠡᠯ᠂ ᠲᠦᠷᠭᠡᠨ ᠴᠢᠨᠠᠷᠲᠠᠶ ᠬᠤᠣᠷᠳᠠᠭᠳᠠᠵᠤ᠂ ᠤᠯᠠᠭᠠᠨ | ᠡᠰ ᠤᠨᠠᠵᠢᠯᠯᠠᠭ᠎ᠠ ᠶᠢ ᠨᠥᠯᠥᠭᠡᠯᠡᠵᠦ᠂ ᠴᠢᠰᠤᠨ ᠤ ᠬᠦᠴᠢᠯᠲᠥ᠋ᠷᠥᠭᠴᠢ ᠶᠢ ᠲᠤᠲᠠᠭᠳᠠᠭᠤᠯᠤᠨᠠ᠃ ᠬᠥᠩᠭᠡᠨ ᠪᠣᠯ ᠲᠣᠯᠣᠭᠠᠢ ᠡᠷᠭᠢᠵᠦ ᠲᠠᠮᠢᠷᠳᠠᠬᠤ᠂ ᠴᠡᠭᠡᠵᠢ | ᠪᠢᠲᠡᠭᠦᠷᠡᠵᠦ ᠠᠮᠢᠰᠬᠤᠯ ᠴᠢᠬᠤᠯᠳᠠᠬᠤ᠂ ᠳᠤᠷ᠎ᠠ ᠪᠤᠯᠭᠢᠵᠤ ᠪᠥᠭᠡᠯᠵᠢᠬᠦ᠂ ᠬᠡᠪᠡᠯᠢ ᠡᠪᠡᠳᠴᠦ ᠰᠠᠭᠤᠯᠭᠠᠬᠤ᠂ ᠤᠷᠤᠭᠤᠯ ᠬᠤᠷᠤᠭᠤᠨ ᠦᠵᠦᠭᠦᠷ ᠬᠦᠬᠡᠷᠡᠭᠦ ᠵᠡᠷᠭᠡ | ᠡᠪᠡᠳᠴᠢᠨ ᠤ ᠰᠢᠨᠵᠢ ᠢᠯᠡᠷᠡᠨ᠎ᠡ︔ ᠬᠦᠨᠳᠦ ᠨᠣᠴᠢᠲᠠᠶ ᠪᠣᠯ ᠲᠠᠷᠢᠬᠢᠨ ᠤ ᠬᠦᠴᠢᠯᠲᠥᠷᠥᠭᠴᠢ ᠳᠤᠲᠠᠭᠳᠠᠬᠤ᠂ ᠴᠢᠨᠠᠭᠰᠢᠯᠠᠨ ᠦᠬᠦᠬᠦ ᠠᠶᠤᠯᠲᠠᠢ ᠲᠠᠢ᠃ | ᠨᠥᠭᠦᠭᠡ ᠲᠠᠯ᠎ᠠ ᠪᠠᠷ᠂ ᠲᠠᠲᠠᠭᠤ ᠠᠽᠣᠲ ᠬᠦᠴᠢᠯ ᠤᠨ ᠳᠠᠪᠤᠰᠤ ᠬᠤᠳᠣᠭᠤᠳᠣᠨ ᠤ ᠬᠦᠴᠢᠯᠯᠢᠭ ᠣᠷᠴᠢᠨ ᠳᠤ ᠤᠷᠤᠭᠰᠠᠨ ᠤ ᠳᠠᠷᠠᠭ᠎ᠠ᠂ ᠢᠳᠡᠭᠰᠡᠨ | ᠤᠭᠤᠷᠠᠭ ᠲᠠᠢ ᠤᠷᠪᠠᠯ ᠡᠭᠦᠰᠴᠦ᠂ ᠵᠢᠩᠬᠢᠨᠢ ᠥᠮᠡᠨ ᠡᠭᠦᠰᠭᠡᠬᠦ ᠦᠢᠯᠡᠳᠤᠯ ᠲᠠᠢ ᠲᠠᠲᠠᠭᠤ ᠠᠽᠣᠲ ᠬᠦᠴᠢᠯ ᠤᠨ ᠠᠮᠢᠨ ᠡᠭᠦᠰᠦᠨ᠎ᠡ᠃ ᠵᠠᠯᠭ᠎ᠠ ᠠᠷᠪᠢᠨ ᠢᠳᠡᠪᠡᠯ᠂ | ᠡᠰ ᠤᠨ ᠭᠡᠨᠡᠳᠲᠡ ᠶᠢᠨ ᠬᠤᠪᠢᠷᠠᠯᠲᠠ ᠶᠢ ᠡᠭᠦᠰᠭᠡᠵᠦ᠂ ᠴᠢᠨᠠᠭᠰᠢᠯᠠᠪᠠᠯ ᠬᠤᠳᠣᠭᠤᠳᠣᠨ ᠥᠮᠡᠨ᠂ ᠤᠯᠠᠭᠠᠨ ᠬᠤᠭᠤᠯᠠᠶ ᠶᠢᠨ ᠥᠮᠡᠨ᠂ ᠡᠯᠢᠭᠡᠨ ᠥᠮᠡᠨ᠂ | ᠬᠤᠲᠣᠷᠢᠩᠬᠠᠶ ᠭᠡᠳᠡᠰᠦᠨ ᠤ ᠥᠮᠡᠨ ᠵᠡᠷᠭᠡ ᠣᠯᠠᠨ ᠵᠥᠢᠯ ᠤᠨ ᠥᠮᠡᠨ ᠢ ᠡᠭᠦᠰᠭᠡᠵᠦ ᠮᠡᠳᠡᠨ᠎ᠡ᠃ ᠥᠨᠵᠢᠭᠰᠡᠨ ᠵᠠᠭᠤᠰᠢ ᠨᠣᠭᠤᠭ᠎ᠠ ᠳᠣᠲᠣᠷᠠᠬᠢ ᠲᠠᠲᠠᠭᠤ | ᠠᠽᠣᠲ ᠬᠦᠴᠢᠯ ᠤᠨ ᠳᠠᠪᠤᠰᠤ ᠪᠠᠷᠢᠮᠵᠢᠶ᠎ᠠ ᠡᠴᠠᠬᠡᠲᠦᠷᠡᠭᠰᠡᠨ ᠦᠦ︖ ᠤᠯᠤᠰ ᠤᠨ ᠳᠣᠲᠣᠭᠠᠳᠤ ᠶᠢᠨ ᠬᠤᠯᠪᠣᠭᠳᠠᠯ ᠪᠥᠬᠦᠶ ᠰᠤᠳᠤᠯᠭᠠᠨ ᠤ ᠮᠡᠳᠡᠭᠡᠯᠡᠯ ᠢ | ᠦᠨᠳᠦᠰᠦᠯᠡᠪᠡᠯ᠂ ᠨᠠᠰᠤᠨ ᠳᠤ ᠭᠦᠷᠦᠭᠰᠡᠳ ᠤᠨ ᠲᠠᠲᠠᠭᠤ ᠠᠽᠣᠲ ᠬᠦᠴᠢᠯ ᠤᠨ ᠳᠠᠪᠤᠰᠤ ᠤᠤᠭᠤᠬᠤ ᠬᠠᠮᠤᠭ ᠤᠨ ᠳᠤᠤᠷ᠎ᠠ ᠬᠤᠤᠷᠳᠠᠭᠳᠠᠬᠤ ᠬᠡᠮᠵᠢᠶ᠎ᠡ ᠨᠢ ᠪᠠᠷᠤᠭ | 300 mg ~500 mg᠂ 1 ~ 3 g ᠢᠳᠡᠪᠡᠯ ᠥᠭᠦᠬᠦ ᠠᠶᠤᠯ ᠲᠠᠢ᠃ ᠡᠨᠡ ᠨᠢ ᠶᠠᠮᠠᠷ ᠤᠬᠠᠭᠳᠠᠬᠤᠨ ᠪᠤᠢ︖ ᠬᠥᠷᠥᠭᠡᠭᠴᠢ ᠳᠤ 24 ᠴᠠᠭ | ᠬᠠᠳᠠᠭᠠᠯᠠᠳᠠᠭ ᠥᠨᠵᠢᠭᠰᠡᠨ ᠵᠠᠭᠤᠰᠢ ᠨᠣᠭᠤᠭ᠎ᠠ ︵ᠳᠠᠪᠤᠰᠤᠯᠠᠭᠰᠠᠨ ᠨᠣᠭᠤᠭ᠎ᠠ᠂ ᠪᠣᠯᠪᠠᠰᠤᠷᠠᠭᠤᠯᠤᠭᠰᠠᠨ ᠮᠢᠬᠠᠨ ᠤ ᠲᠥᠷᠥᠯ ᠢᠶᠠᠷ ᠪᠤᠳᠤᠬᠤ ᠥᠬᠡᠶ︶᠂ ᠲᠠᠲᠠᠭᠤ | ᠠᠽᠣᠲ ᠬᠦᠴᠢᠯ ᠤᠨ ᠳᠠᠪᠤᠰᠤᠨ ᠤ ᠠᠭᠤᠯᠤᠭᠳᠠᠴᠠ ᠨᠢ 10 mg / kg ᠠᠴᠠ ᠬᠡᠲᠦᠷᠡᠬᠦ ᠥᠬᠡᠶ᠃ ᠡᠶᠢᠮᠦ ᠠᠴᠠ ᠥᠨᠵᠢᠭᠰᠡᠨ ᠵᠠᠭᠤᠰᠢ | ᠨᠣᠭᠤᠭ᠎ᠠ ᠶᠢᠨ ᠲᠠᠲᠠᠭᠤ ᠠᠽᠣᠲ ᠬᠦᠴᠢᠯ ᠤᠨ ᠳᠠᠪᠤᠰᠤᠨ ᠤ ᠠᠭᠤᠯᠤᠭᠳᠠᠴᠠ᠂ ᠬᠤᠤᠷᠳᠠᠭᠤᠯᠬᠤ ᠡᠮ ᠤᠨ ᠬᠡᠮᠵᠢᠶ᠎ᠡ ᠠᠴᠠ ᠪᠠᠰᠠ ᠬᠤᠯᠠ ᠵᠥᠷᠢᠵᠦ ᠪᠠᠶᠢᠨ᠎ᠠ᠂ | ᠬᠠᠶᠠ ᠵᠢᠭᠠᠬᠠᠨ ᠢᠳᠡᠪᠡᠯ ᠳᠡᠮᠡᠶ ᠠᠰᠠᠭᠤᠳᠠᠯ ᠥᠬᠡᠶ᠂ ᠣᠯᠠᠨ ᠢᠶᠠᠷ ᠢᠶᠠᠨ ᠬᠤᠨᠤᠭ ᠥᠨᠵᠢᠭᠰᠡᠨ ᠵᠠᠭᠤᠰᠢ ᠨᠣᠭᠤᠭ᠎ᠠ ᠶᠢᠨ ᠥᠩᠭᠡᠨ ᠤ ᠬᠤᠪᠢᠷᠠᠯᠲᠠ ᠶᠢ ᠶᠠᠷᠢᠬᠤ | ᠴᠢᠬᠤᠯᠠ ᠥᠬᠡᠶ᠂ ᠭᠤᠤᠯᠳᠠᠯᠭ᠎ᠠ ᠨᠢ ᠢᠳᠡᠬᠦ ᠳᠠᠪᠲᠠᠮᠵᠢ ᠪᠠ ᠬᠡᠮᠵᠢᠶ᠎ᠡ ᠪᠣᠯᠤᠨ᠎ᠠ᠃ | ᠡᠨᠡ 4 ᠵᠥᠢᠯ ᠤᠨ ᠥᠨᠵᠢᠭᠰᠡᠨ ᠵᠠᠭᠤᠰᠢ ᠨᠣᠭᠤᠭ᠎ᠠ ᠶᠢ ᠢᠳᠡᠵᠦ ᠪᠠᠷᠠᠬᠤ ᠦᠭᠡᠢ ᠪᠣᠯ ᠬᠠᠮᠤᠭ ᠰᠠᠶᠢᠨ ᠨᠢ ᠬᠠᠶᠠᠨ᠎ᠠ︕ | ᠥᠨᠵᠢᠭᠰᠡᠨ ᠵᠠᠭᠤᠰᠢ ᠨᠣᠭᠤᠭ᠎ᠠ᠂ | ᠥᠨᠵᠢᠭᠰᠡᠨ ᠳᠠᠯᠠᠢ ᠶᠢᠨ ᠢᠳᠡᠭᠡᠨ᠂ | ᠥᠨᠵᠢᠭᠰᠡᠨ ᠮᠥᠩᠭᠦᠨ ᠳᠡᠯᠳᠡᠦ᠂ | ᠥᠨᠵᠢᠭᠰᠡᠨ ᠥᠨᠳᠡᠭᠡ᠃ | | |