ᠬᠤᠪᠢ ᠬᠦᠮᠤᠨ ᠤ ᠮᠡᠳᠡᠭᠡ ᠵᠠᠩᠬᠢ ᠪᠠᠨ ᠶᠠᠭᠠᠬᠢᠵᠤ ᠬᠠᠮᠠᠭᠠᠯᠠᠬᠤ ᠪᠤᠢ︖ | ︽ᠳᠠᠨ ᠤ ᠤᠷᠢᠳᠴᠢᠯᠠᠨ ᠵᠠᠬᠢᠶᠠᠯᠠᠬᠰᠠᠨ XX ᠡᠭᠡᠯᠵᠢ ᠶᠢᠨ ᠨᠢᠰᠬᠡᠯ ᠨᠢᠰᠬᠦ ᠪᠠᠨ ᠪᠤᠯᠢᠪᠠ ᠁ ᠪᠢᠳᠠ ᠪᠤᠯ ᠡᠳ᠋ ᠠᠬᠤᠢᠢᠯᠠᠬᠤ ᠥᠢᠯᠡᠴᠢᠯᠡᠭᠡᠨ ᠤ | ᠲᠥᠪ ᠤᠨ ᠬᠢ ᠁ ᠪᠢᠳᠠ ᠪᠤᠯ ᠳᠤᠳᠤᠭᠠᠳᠤ ᠶᠢ ᠬᠠᠮᠠᠭᠠᠯᠠᠬᠤ ᠳᠤᠪᠴᠢᠶᠠᠨ ᠤ ᠴᠠᠭᠳᠠᠭ᠎ᠠ᠂ ᠳᠠ ᠬᠠᠷ᠎ᠠ ᠵᠤᠭᠤᠰ ᠢᠶᠠᠨ ᠨᠢᠭᠤᠭᠰᠠᠨ ᠰᠡᠵᠢᠭ ᠲᠠᠢ ᠁︾ | ᠵᠡᠷᠭᠡ ᠮᠡᠬᠡᠯᠡᠯ ᠤᠨ ᠮᠡᠳᠡᠭᠡ ᠵᠠᠩᠬᠢ ᠶᠢ ᠳᠠ ᠤᠯᠵᠤ ᠥᠩᠭᠡᠷᠡᠪᠡᠤ︖ ᠤᠯᠤᠭᠰᠠᠨ ᠤ ᠳᠠᠷᠠᠭ᠎ᠠ ᠮᠢᠨᠤ ᠬᠤᠪᠢ ᠬᠥᠮᠥᠨ ᠤ ᠮᠡᠳᠡᠭᠡ ᠵᠠᠩᠬᠢ ᠶᠢ ᠶᠠᠭᠠᠬᠢᠵᠤ ᠮᠡᠳᠡᠭᠰᠡᠨ | ᠪᠤᠯ︖ ᠭᠡᠵᠤ ᠤᠬᠠᠭᠠᠨ ᠢ ᠨᠢ ᠤᠯᠬᠤ ᠥᠭᠡᠢ ᠭᠠᠶᠢᠬᠠᠰᠢᠷᠠᠬᠤ ᠮᠠᠭᠠᠳ᠃ ᠳᠠ ᠤᠪᠠᠶᠢᠨ ᠳᠤ ᠥᠭᠡᠢ ᠪᠠᠷ ᠥᠪᠡᠷ ᠤᠨ ᠮᠡᠳᠡᠭᠡ ᠵᠠᠩᠬᠢ ᠪᠠᠨ ᠵᠠᠳᠠᠷᠠᠭᠤᠯᠤᠭᠰᠠᠨ | ᠪᠠᠶᠢᠵᠤ ᠮᠡᠳᠡᠨ᠎ᠠ᠃ ᠳᠡᠭᠡᠪᠡᠯ ᠬᠤᠪᠢ ᠬᠥᠮᠥᠨ ᠤ ᠮᠡᠳᠡᠭᠡ ᠵᠠᠩᠬᠢ ᠪᠠᠨ ᠶᠠᠭᠠᠬᠢᠵᠤ ᠬᠠᠮᠠᠭᠠᠯᠠᠪᠠᠯ ᠵᠤᠬᠢᠬᠤ ᠪᠤᠢ︖ | ᠠᠰᠠᠭᠤᠯᠳᠠ ᠬᠠᠷᠢᠭᠤᠯᠳᠠ ᠶᠢᠨ ᠪᠠᠶᠢᠴᠠᠭᠠᠯᠳᠠ ᠶᠢᠨ ᠰᠡᠳᠤᠪ ᠢ ᠪᠢᠳᠡᠭᠡᠢ ᠳᠤᠷ᠎ᠠ ᠪᠠᠷ ᠳᠠᠭᠯᠠ᠃ | ᠤᠳᠤᠬᠠᠨ ᠳᠤ ᠠᠰᠠᠭᠤᠯᠳᠠ ᠬᠠᠷᠢᠭᠤᠯᠳᠠ ᠶᠢᠨ ᠰᠡᠳᠤᠪ ᠳᠡᠯᠭᠡᠷᠡᠵᠤ᠂ ᠰᠥᠯᠵᠢᠶᠡᠨ ᠳᠡᠭᠡᠷ᠎ᠠ᠂ ᠵᠠᠭᠡᠯᠢ ᠭᠤᠳᠤᠮᠵᠢ ᠪᠤᠶᠤ ᠰᠤᠷᠭᠠᠭᠤᠯᠢ ᠶᠢᠨ ᠬᠥᠷᠢᠶᠡᠨ ᠳᠤ | ᠡᠯ᠎ᠠ ᠵᠥᠢᠯ ᠤᠨ ᠬᠡᠯᠪᠡᠷᠢ ᠪᠠᠷ ᠬᠠᠷᠢᠭᠤᠯᠳᠠ ᠬᠢᠯᠭᠡᠳᠡᠭ᠃ ᠬᠡᠷᠪᠡ ᠡᠶᠢᠮᠤᠷᠬᠦ ᠠᠰᠠᠭᠤᠯᠳᠠ ᠳᠤ ᠳᠤᠷ᠎ᠠ ᠪᠠᠷ ᠢᠶᠠᠨ ᠬᠠᠷᠢᠭᠤᠯᠳᠠ ᠥᠭᠪᠡᠯ ᠬᠤᠪᠢ ᠬᠥᠮᠥᠨ ᠤ ᠮᠡᠳᠡᠭᠡ | ᠵᠠᠩᠬᠢ ᠶᠢᠨ ᠨᠢᠭᠤᠴᠠ ᠠᠮᠠᠷᠬᠠᠨ ᠵᠠᠳᠠᠷᠠᠵᠤ ᠮᠡᠳᠡᠨ᠎ᠠ᠃ | ᠵᠢᠭᠠᠬᠠᠨ ᠠᠰᠢᠭ ᠲᠤ ᠪᠢᠳᠡᠭᠡᠢ ᠳᠤᠷᠠᠯᠠ᠃ | ᠳᠡᠭᠷᠢ ᠠᠴᠠ ᠱᠠᠯᠪᠢᠩ ᠤᠨᠠᠵᠤ ᠢᠷᠡᠨ᠎ᠠ ᠭᠡᠭᠴᠢ ᠬᠤᠳᠠᠯ ᠬᠡᠷᠡᠭ᠂ ᠡᠯ᠎ᠠ ᠵᠥᠢᠯ ᠤᠨ ᠠᠵᠢᠯᠯᠠᠭ᠎ᠠ ᠳᠤ ᠤᠷᠤᠯᠴᠠᠵᠤ ᠥᠪᠡᠷ ᠤᠨ ᠬᠠᠷᠢᠯᠴᠠᠬᠤ ᠬᠠᠶ᠋ᠢᠭ ᠢᠶᠠᠨ | ᠥᠯᠡᠳᠡᠭᠡᠪᠡᠯ ᠪᠡᠯᠡᠭ ᠬᠥᠷᠭᠡᠳᠡᠭ᠂ ᠡᠨᠡ ᠨᠢ ᠬᠤᠪᠢ ᠬᠥᠮᠥᠨ ᠤ ᠮᠡᠳᠡᠭᠡ ᠵᠠᠩᠬᠢ ᠵᠠᠳᠠᠷᠠᠬᠤ ᠵᠠᠮ ᠪᠤᠯᠤᠨ᠎ᠠ᠃ ᠲᠥᠷᠭᠡᠨ ᠳᠠᠮᠵᠢᠭᠤᠯᠭ᠎ᠠ ᠶᠢᠨ ᠪᠠᠷᠢᠮᠳᠠ ᠪᠠᠨ ᠪᠢᠳᠡᠭᠡᠢ | ᠬᠠᠶᠠ᠃ | ᠡᠯᠧᠺᠳ᠋ᠷᠣᠨ ᠬᠤᠳᠠᠯᠳᠤᠭᠠᠨ ᠤ ᠶᠠᠪᠤᠳᠠᠯ ᠤᠨ ᠬᠥᠭᠵᠢᠯᠳᠡ ᠶᠢ ᠳᠠᠭᠠᠯᠳᠤᠨ᠂ ᠰᠥᠯᠵᠢᠶᠡᠨ ᠳᠡᠭᠡᠷ᠎ᠠ ᠠᠴᠠ ᠬᠤᠳᠠᠯᠳᠤᠨ ᠠᠪᠬᠤ ᠪᠠ ᠲᠥᠷᠭᠡᠨ ᠳᠠᠮᠵᠢᠭᠤᠯᠭ᠎ᠠ | ᠤᠯᠠᠳᠠᠵᠤ᠂ ᠪᠠᠷᠠᠭ᠎ᠠ ᠪᠠᠨ ᠳᠤᠰᠤᠭᠰᠠᠨ ᠤ ᠳᠠᠷᠠᠭ᠎ᠠ ᠪᠠᠷᠢᠮᠳᠠ ᠪᠠᠨ ᠬᠠᠶᠠᠴᠢᠬᠠᠳᠠᠭ ᠶᠠᠪᠤᠳᠠᠯ ᠵᠥᠩᠳᠡᠭᠡᠨ᠃ ᠡᠨᠡ ᠨᠢ ᠴᠤ ᠮᠠᠰᠢ ᠠᠮᠠᠷᠬᠠᠨ ᠢᠶᠠᠷ ᠬᠤᠪᠢ ᠬᠥᠮᠥᠨ ᠤ | ᠮᠡᠳᠡᠭᠡ ᠵᠠᠩᠬᠢ ᠶᠢᠨ ᠨᠢᠭᠤᠴᠠ ᠶᠢ ᠵᠠᠳᠠᠷᠠᠭᠤᠯᠳᠠᠭ᠃ | ᠳᠡᠷᠭᠡᠨ ᠤ ᠪᠢᠯᠧᠲ ᠪᠠ ᠨᠢᠰᠭᠡᠯ ᠤᠨ ᠪᠢᠯᠧᠲ ᠢᠶᠠᠨ ᠵᠤᠬᠢᠰᠳᠡᠢ ᠰᠢᠢᠳᠪᠤᠷᠢᠯᠡ᠃ | ᠤᠳᠤᠬᠠᠨ ᠳᠤ ᠭᠠᠯᠳᠤ ᠳᠡᠷᠭᠡᠨ ᠤ ᠪᠢᠯᠧᠲ ᠪᠠ ᠨᠢᠰᠭᠡᠯ ᠤᠨ ᠪᠢᠯᠧᠲ ᠪᠥᠷ ᠥᠨᠡᠨ ᠨᠡᠷ᠎ᠠ ᠶᠢᠨ ᠲᠥᠷᠢᠮ ᠢ ᠬᠡᠷᠡᠭᠵᠢᠭᠦᠯᠵᠤ᠂ ᠪᠢᠯᠧᠲ ᠳᠡᠭᠡᠷ᠎ᠠ ᠬᠤᠪᠢ | ᠬᠥᠮᠥᠨ ᠤ ᠤᠪᠤᠭ ᠪᠠ ᠪᠡᠶ᠎ᠠ ᠶᠢᠨ ᠥᠨᠡᠮᠯᠡᠯ ᠢ ᠳᠤᠳᠤᠷᠬᠠᠢ ᠪᠢᠴᠢᠵᠤ ᠪᠠᠶᠢᠭ᠎ᠠ ᠪᠤᠯᠬᠤᠷ ᠵᠤᠬᠢᠰᠳᠡᠢ ᠰᠢᠢᠳᠪᠤᠷᠢᠯᠡᠬᠦ ᠥᠭᠡᠢ ᠪᠤᠯ ᠬᠤᠪᠢ ᠬᠥᠮᠥᠨ ᠤ ᠮᠡᠳᠡᠭᠡ ᠵᠠᠩᠬᠢ | ᠠᠮᠠᠷᠬᠠᠨ ᠵᠠᠳᠠᠷᠠᠳᠠᠭ᠃ | ᠬᠠᠷᠢᠯᠴᠠᠬᠤ ᠤᠳᠠᠰᠤ ᠪᠠᠨ ᠥᠯᠥ ᠳᠠᠨᠢᠬᠤ ᠬᠥᠮᠥᠨ ᠳᠤ ᠪᠢᠳᠡᠭᠡᠢ ᠥᠭ᠃ | ᠡᠳᠤᠷ ᠳᠤᠳᠤᠮ ᠤᠨ ᠠᠮᠢᠳᠤᠷᠠᠯ ᠳᠤᠮᠳᠠ ᠡᠯᠳᠡᠪ ᠵᠥᠢᠯ ᠤᠨ ᠬᠥᠮᠥᠰ ᠤᠳᠠᠰᠤ ᠢᠷᠡᠭᠦᠯᠵᠤ ᠪᠠᠷᠠᠭ᠎ᠠ ᠳᠠᠸᠠᠷ ᠬᠤᠳᠠᠯᠳᠤᠬᠤ ᠳᠠᠨᠢᠯᠴᠠᠭᠤᠯᠭ᠎ᠠ ᠬᠢᠳᠡᠭ᠂ ᠥᠯᠥ | ᠳᠠᠨᠢᠬᠤ ᠤᠳᠠᠰᠤ ᠶᠢ ᠳᠤᠰᠪᠠᠯ ᠬᠤᠪᠢ ᠬᠥᠮᠥᠨ ᠤ ᠮᠡᠳᠡᠭᠡ ᠵᠠᠩᠬᠢ ᠴᠢᠨᠢ ᠵᠠᠳᠠᠷᠠᠵᠤ ᠮᠡᠳᠡᠨ᠎ᠠ᠃ ᠬᠡᠪᠯᠡᠨ ᠳᠠᠷᠤᠮᠠᠯᠯᠠᠭᠰᠠᠨ ᠤ ᠳᠠᠷᠠᠭ᠎ᠠ ᠬᠤᠯᠪᠤᠭᠳᠠᠯ ᠪᠥᠬᠦᠢ ᠮᠡᠳᠡᠭᠡ | ᠵᠠᠩᠬᠢ ᠪᠠᠨ ᠪᠠᠯᠠᠯᠵᠤ ᠬᠠᠶᠠ᠃ | ᠤᠯᠠᠩᠬᠢ ᠬᠥᠮᠥᠨ ᠥᠪᠡᠷ ᠤᠨ U ᠳᠠᠪᠠᠭ ᠳᠤᠳᠤᠷᠠᠬᠢ ᠪᠢᠴᠢᠭ ᠮᠠᠲ᠋ᠧᠷᠢᠶᠠᠯ ᠢᠶᠠᠨ ᠺᠤᠮᠫᠢᠦ᠋ᠲ᠋ᠧᠷ ᠲᠤ ᠤᠷᠤᠭᠤᠯᠵᠤ ᠬᠡᠪᠯᠡᠨ ᠳᠠᠷᠤᠮᠠᠯᠯᠠᠳᠠᠭ᠂ ᠬᠡᠪᠡᠴᠤ | ᠬᠡᠪᠯᠡᠨ ᠳᠠᠷᠤᠮᠠᠯᠯᠠᠭᠰᠠᠨ ᠤ ᠳᠠᠷᠠᠭ᠎ᠠ ᠪᠠᠯᠠᠯᠵᠤ ᠬᠠᠶᠠᠬᠤ ᠪᠠᠨ ᠮᠠᠷᠳᠠᠴᠢᠬᠠᠳᠠᠭ᠃ ᠬᠡᠷᠪᠡ ᠡᠭᠦᠨ ᠤ ᠳᠤᠳᠤᠷ᠎ᠠ ᠬᠤᠪᠢ ᠬᠥᠮᠥᠨ ᠤ ᠲᠥᠭᠦᠮ ᠳᠠᠨᠢᠯᠴᠠᠭᠤᠯᠭ᠎ᠠ ᠵᠡᠷᠭᠡ | ᠠᠭᠤᠯᠭ᠎ᠠ ᠪᠠᠶᠢᠪᠠᠯ ᠬᠤᠪᠢ ᠬᠥᠮᠥᠨ ᠤ ᠮᠡᠳᠡᠭᠡ ᠵᠠᠩᠬᠢ ᠠᠮᠠᠷᠬᠠᠨ ᠵᠠᠳᠠᠷᠠᠳᠠᠭ᠃ | ᠵᠢᠩᠬᠢᠨᠢ ᠰᠥᠯᠵᠢᠶᠡᠨ ᠥᠷᠳᠡᠭᠡ ᠠᠴᠠ ᠪᠠᠷᠠᠭ᠎ᠠ ᠠᠪ᠃ | ᠮᠡᠳᠡᠭᠡ ᠵᠠᠩᠬᠢ ᠬᠠᠶᠢᠬᠤ ᠰᠥᠯᠵᠢᠶ᠎ᠠ ᠪᠠᠷ ᠺᠢᠨᠣ᠋ ᠥᠵᠡᠬᠦ ᠳᠤ ᠪᠠᠨ ᠡᠷᠬᠡᠪᠰᠢ ᠵᠢᠩᠬᠢᠨᠢ ᠰᠥᠯᠵᠢᠶᠡᠨ ᠥᠷᠳᠡᠭᠡ ᠶᠢ ᠰᠤᠩᠭᠤᠭᠠᠷᠠᠢ᠂ ᠵᠠᠷᠢᠮ ᠳᠤ ᠪᠠᠨ | ᠲᠥᠢᠳᠬᠡᠷ ᠢ ᠠᠯᠠᠬᠤ ᠳᠤᠨᠤᠭ ᠳᠠᠭᠠᠷᠠᠭᠤᠯᠴᠢᠬᠠᠪᠠᠴᠤ ᠺᠤᠮᠫᠢᠦ᠋ᠲ᠋ᠧᠷ ᠴᠢᠨᠢ ᠡᠪᠡᠳᠴᠢᠨ ᠤ ᠬᠤᠤᠷ ᠲᠤ ᠬᠠᠯᠳᠠᠪᠤᠷᠢᠯᠠᠭᠳᠠᠬᠤ ᠥᠭᠡᠢ ᠭᠡᠰᠡᠨ ᠶᠠᠪᠤᠳᠠᠯ ᠪᠢᠰᠢ᠃ | ᠤᠨᠴᠠᠭᠠᠢᠢᠯᠠᠨ ᠰᠥᠯᠵᠢᠶᠡᠨ ᠳᠡᠭᠡᠷ᠎ᠠ ᠠᠴᠠ ᠪᠠᠷᠠᠭ᠎ᠠ ᠬᠤᠳᠠᠯᠳᠤᠨ ᠠᠪᠬᠤ ᠳᠤ ᠰᠥᠯᠵᠢᠶᠡᠨ ᠳᠡᠭᠡᠷ᠎ᠠ ᠰᠠᠭᠤᠯᠭᠠᠵᠤ ᠥᠭᠬᠦ ᠪᠤᠯᠬᠤᠷ ᠵᠢᠩᠬᠢᠨᠢ ᠰᠥᠯᠵᠢᠶᠡᠨ | ᠥᠷᠳᠡᠭᠡ ᠶᠢ ᠰᠤᠩᠭᠤᠪᠠᠯ ᠰᠠᠶ᠋ᠢ ᠪᠠᠳᠤᠯᠠᠭ᠎ᠠ ᠲᠠᠢ᠃ | ᠥᠯᠥ ᠳᠠᠨᠢᠬᠤ ᠰᠢᠤᠳᠠᠨ ᠤ ᠵᠥᠢᠯ ᠢ ᠪᠢᠳᠡᠭᠡᠢ ᠨᠡᠭᠡᠭᠡ᠃ | ᠥᠯᠥ ᠳᠠᠨᠢᠬᠤ ᠰᠢᠤᠳᠠᠨ ᠤ ᠵᠥᠢᠯ ᠪᠤᠶᠤ ᠰᠢᠤᠳᠠᠨ ᠤ ᠬᠠᠶ᠋ᠢᠭ ᠢ ᠳᠤᠷ᠎ᠠ ᠪᠠᠷ ᠢᠶᠠᠨ ᠳᠤᠰᠬᠤ ᠪᠤᠶᠤ ᠨᠡᠭᠡᠭᠡᠵᠤ ᠪᠤᠯᠬᠤ ᠥᠭᠡᠢ᠂ ᠮᠡᠬᠡᠯᠡᠭᠳᠡᠵᠤ ᠮᠡᠳᠡᠨ᠎ᠠ᠂ | ᠤᠨᠴᠠᠭᠠᠢᠢᠯᠠᠨ ᠱᠠᠩᠨᠠᠯ ᠤᠯᠤᠭᠰᠠᠨ ᠪᠤᠶᠤ ᠱᠠᠩᠨᠠᠯ ᠤᠨ ᠵᠥᠢᠯ ᠢᠶᠠᠨ ᠳᠠᠨᠢᠵᠤ ᠠᠪᠤᠭᠠᠷᠠᠢ ᠭᠡᠬᠦ ᠵᠡᠷᠭᠡ ᠨᠢ ᠪᠥᠷ ᠮᠡᠬᠡᠯᠡᠯ ᠤᠨ ᠪᠠᠰᠢᠷ ᠪᠤᠯᠤᠨ᠎ᠠ᠃ | ᠰᠥᠯᠵᠢᠶᠡᠨ ᠳᠡᠭᠡᠷᠡᠬᠢ ᠬᠤᠪᠢ ᠬᠥᠮᠥᠨ ᠤ ᠮᠡᠳᠡᠭᠡ ᠵᠠᠩᠬᠢ ᠪᠠᠨ ᠬᠠᠮᠠᠭᠠᠯᠠ᠃ | ᠭᠠᠷ ᠤᠳᠠᠰᠤ ᠪᠤᠶᠤ ᠺᠤᠮᠫᠢᠦ᠋ᠲ᠋ᠧᠷ ᠵᠡᠷᠭᠡ ᠳᠤ ᠪᠠᠨ ᠠᠮᠤᠷ ᠲᠥᠪᠰᠢᠨ ᠤ ᠵᠥᠭᠡᠯᠡᠨ ᠳᠤᠨᠤᠭ ᠳᠠᠭᠠᠷᠠᠭᠤᠯ᠂ ᠢᠷᠡᠯᠳᠡ ᠨᠢ ᠳᠤᠳᠤᠷᠬᠠᠢ ᠥᠭᠡᠢ ᠵᠥᠭᠡᠯᠡᠨ | ᠳᠤᠨᠤᠭ ᠢ ᠪᠢᠳᠡᠭᠡᠢ ᠳᠤᠷ᠎ᠠ ᠪᠠᠷ ᠢᠶᠠᠨ ᠤᠭᠰᠠᠷᠠᠭᠤᠯ᠂ ᠥᠨᠳᠤᠷ ᠨᠢᠭᠳᠠᠴᠠ ᠲᠠᠢ ᠨᠢᠭᠤᠴᠠ ᠶᠢ ᠬᠠᠮᠠᠭᠠᠯᠠᠬᠤ ᠨᠢᠭᠤᠴᠠ ᠨᠤᠮᠧᠷ ᠳᠠᠭᠠᠷᠠᠭᠤᠯ᠂ ᠨᠢᠭᠡᠯᠡ ᠨᠢᠭᠤᠴᠠ | ᠨᠤᠮᠧᠷ ᠢ ᠥᠷᠭᠦᠯᠵᠢ ᠬᠡᠷᠡᠭᠯᠡᠬᠦ ᠶᠢ ᠴᠡᠭᠡᠷᠯᠡ᠃ | |