ᠲᠠᠨ ᠤ ᠡᠷᠡᠬᠦᠯ ᠮᠡᠨᠳᠤ ᠳᠤ ᠬᠡᠷᠡᠭᠲᠡᠢ ᠵᠦᠪᠯᠡᠯᠬᠡ
ᠨᠡᠶᠢᠲᠡᠯᠡᠭᠰᠡᠨ ᠴᠠᠭ᠄
2022/6/21
     ᠲᠠ ᠦᠮᠠᠨ᠂ ᠰᠢᠬᠢᠷ ᠰᠢᠵᠢᠩ᠂ ᠴᠢᠰᠣᠨ ᠲᠠᠷᠤᠯᠳᠠ ᠶᠡᠬᠡᠰᠬᠦ ᠡᠪᠡᠳᠴᠢᠨ ᠤ ᠲᠤᠬᠠᠢ ᠰᠠᠨᠠᠭᠠᠰᠢᠷᠠᠳᠠᠭ ᠤᠤ︖ ᠡᠳᠡᠭᠡᠷ ᠡᠪᠡᠳᠴᠢᠨ ᠲᠠᠨ ᠤ ᠡᠷᠡᠬᠦᠯ ᠮᠡᠨᠳᠤ ᠠᠮᠢᠳᠣᠷᠠᠯ ᠤᠨ ᠲᠠᠳᠬᠠᠯ ᠲᠠᠢ ᠰᠢᠭᠤᠳ ᠬᠤᠯᠪᠤᠭᠠᠲᠠᠢ ᠶᠢ ᠮᠡᠳᠡᠬᠦ ᠤᠤ︖      ᠨᠢᠭᠡ᠂ ᠦᠮᠠᠨ ᠡᠪᠡᠳᠴᠢᠨ ᠳᠤ ᠨᠡᠷᠪᠡᠭᠳᠡᠬᠦ ᠰᠢᠯᠳᠠᠭᠠᠨ     1. ᠦᠯᠡᠳᠡᠪᠦᠷᠢ ᠬᠤᠭᠤᠯᠠ ᠪᠠᠶᠢᠩᠭᠤ ᠢᠳᠡᠬᠦ᠃ ᠦᠯᠡᠳᠡᠪᠦᠷᠢ ᠬᠤᠭᠤᠯᠠ ᠨᠢ ᠰᠢᠮ᠎ᠡ ᠲᠡᠵᠢᠭᠡᠯ ᠠᠯᠳᠠᠭᠳᠠᠬᠤ ᠶᠢᠨ ᠲᠠᠭᠠᠤ ᠪᠠᠺᠲ᠋ᠤᠷᠢ ᠡᠬᠦᠰᠭᠡᠬᠦ ᠪᠦᠭᠡᠳ ᠦᠮᠡᠨ ᠡᠬᠦᠰᠭᠡᠳᠡᠭ ᠨᠢᠭᠡ ᠵᠦᠢᠯ ᠤᠨ ᠲᠤᠳᠠᠭᠤ ᠠᠽᠤᠲ ᠬᠦᠴᠢᠯ ᠤᠨ ᠲᠠᠪᠤᠰᠣ ᠠᠭᠤᠯᠳᠠᠭ᠃ ᠤᠨᠴᠠᠭᠠᠶᠢᠯᠠᠨ ᠡᠳᠦᠷ ᠦᠨᠵᠢᠭᠰᠡᠨ ᠪᠡᠯᠡᠨ ᠨᠤᠭᠤᠭ᠎ᠠ ᠶᠢ ᠢᠳᠡᠵᠦ ᠪᠤᠯᠬᠤ ᠦᠬᠡᠢ᠃     2. ᠨᠤᠭᠤᠭ᠎ᠠ ᠵᠢᠮᠢᠰ ᠲᠤᠭᠳᠠᠮᠠᠯ ᠢᠳᠡᠬᠦ ᠦᠭᠡᠢ ᠪᠠᠶᠢᠬᠤ᠃ ᠨᠤᠭᠤᠭ᠎ᠠ ᠵᠢᠮᠢᠰ ᠢᠳᠡᠬᠦ ᠦᠬᠡᠢ ᠪᠣᠯ ᠬᠤᠳᠣᠭᠤᠳᠣ ᠬᠡᠳᠡᠰᠦᠨ ᠤ ᠰᠢᠨ᠎ᠡ ᠬᠠᠭᠤᠴᠢᠨ ᠤ ᠰᠣᠯᠢᠯᠴᠠᠭ᠎ᠠ ᠶᠢ ᠬᠠᠷᠰᠢᠯᠠᠵᠦ ᠬᠤᠳᠣᠭᠤᠳᠣ ᠶᠢᠨ ᠦᠮᠡᠨ᠂ ᠬᠡᠳᠡᠰᠦᠨ ᠤ ᠦᠮᠡᠨ ᠳᠤ ᠠᠮᠷᠠᠬᠠᠨ ᠨᠡᠷᠪᠡᠭᠳᠡᠵᠦ ᠮᠡᠳᠡᠨ᠎ᠡ᠂ ᠪᠢᠳᠡ ᠡᠳᠦᠷ ᠪᠣᠯᠭᠠᠨ ᠨᠠᠭᠠᠳᠣ ᠵᠠᠬ᠎ᠠ ᠳᠠᠭᠠᠨ 400 ᠭᠷᠠᠮ ᠢᠳᠡᠰᠢᠨ ᠨᠤᠭᠤᠭ᠎ᠠ ᠪᠤᠶᠤ ᠭᠤᠸᠠ ᠵᠢᠮᠢᠰ ᠢᠳᠡᠬᠦ ᠨᠢ ᠴᠢᠬᠤᠯᠠ᠃     3. ᠬᠦᠳᠡᠯᠬᠡᠬᠡᠨ ᠤ ᠲᠤᠳᠠᠭᠳᠠᠯ᠃ ᠤᠳᠠᠭᠠᠨ ᠰᠠᠭᠤᠵᠦ ᠬᠦᠳᠡᠯᠬᠦ ᠦᠬᠡᠢ ᠪᠣᠯ ᠪᠡᠶ᠎ᠡ ᠲᠤᠳᠣᠷᠠᠬᠢ ᠡᠪᠡᠳᠴᠢᠨ ᠢ ᠡᠰᠡᠷᠬᠦᠴᠡᠬᠦ ᠡᠰ ᠲᠤᠳᠠᠭᠳᠠᠵᠦ᠂ ᠦᠷᠬᠦᠯᠵᠢ ᠬᠦᠳᠡᠯᠭᠡᠭᠡᠨ ᠬᠢᠳᠡᠭ ᠬᠦᠮᠦᠰ ᠲᠠᠢ ᠬᠠᠷᠢᠴᠠᠭᠤᠯᠪᠠᠯ ᠬᠡᠳᠡᠰᠦᠨ ᠤ ᠦᠮᠡᠨ ᠳᠤ ᠨᠡᠷᠪᠡᠭᠳᠡᠬᠦ ᠨᠣᠷᠮ᠎ᠠ ᠨᠢ ᠵᠠᠭᠤᠨ ᠤ 40 ᠠᠴᠠ 50 ᠬᠤᠪᠢ ᠦᠨᠳᠦᠷ ᠪᠠᠶᠢᠳᠠᠭ ᠢ ᠠᠮᠤᠷᠢᠺᠠ ᠶᠢᠨ ᠨᠢᠭᠡᠨ ᠰᠣᠳᠣᠯᠭᠠᠨ ᠢᠶᠠᠷ ᠲᠣᠳᠣᠯᠠᠭᠰᠠᠨ ᠪᠠᠶᠢᠨ᠎ᠠ᠃     4. ᠬᠤᠭᠤᠯᠠ ᠬᠦᠨᠡᠰᠦ ᠶᠢ ᠬᠡᠳᠤ ᠬᠠᠯᠠᠭᠤᠨ ᠦᠶ᠎ᠡ ᠳᠤ ᠨᠢ ᠢᠳᠡᠵᠦ ᠤᠤᠭᠤᠬᠤ᠃ ᠪᠤᠴᠠᠯᠤᠭᠰᠠᠨ ᠤᠰᠣ᠂ ᠬᠠᠯᠠᠭᠤᠨ ᠤᠮᠳᠠᠭᠠᠨ ᠪᠤᠶᠤ ᠲᠡᠩᠳᠡᠬᠦᠤ ᠬᠠᠯᠠᠭᠤᠨ ᠢᠳᠡᠭᠡᠨ ᠨᠢ ᠤᠯᠠᠭᠠᠨ ᠬᠤᠭᠤᠯᠠᠢ ᠶᠢ ᠬᠡᠮᠳᠦᠭᠡᠵᠦ᠂ ᠡᠳᠦᠷ ᠤᠨ ᠤᠳᠠᠭᠠᠨ ᠳᠠᠭᠠᠨ ᠤᠯᠠᠭᠠᠨ ᠬᠤᠭᠤᠯᠠᠢ ᠶᠢᠨ ᠬᠤᠤᠷᠳᠤ ᠬᠠᠪᠤᠳᠠᠷ ᠢ ᠡᠬᠦᠰᠭᠡᠬᠦ ᠪᠤᠯᠤᠮᠵᠢ ᠲᠠᠢ᠃     ᠬᠤᠶᠠᠷ᠂ ᠰᠢᠬᠢᠷ ᠰᠢᠵᠢᠩ ᠡᠪᠡᠳᠴᠢᠨ ᠳᠤ ᠨᠡᠷᠪᠡᠭᠳᠡᠬᠦ ᠰᠢᠯᠳᠠᠭᠠᠨ     1. ᠦᠷᠯᠦᠭᠡᠨ ᠤ ᠬᠤᠭᠤᠯᠠ ᠪᠠᠨ ᠲᠤᠳᠠᠭᠤ ᠢᠳᠡᠬᠦ᠃ ᠦᠷᠯᠦᠭᠡᠨ ᠤ ᠬᠤᠭᠤᠯᠠ ᠢᠳᠡᠳᠡᠭ ᠦᠭᠡᠢ ᠬᠡᠤᠬᠡᠳ ᠢ ᠦᠷᠯᠦᠭᠡᠨ ᠤ ᠬᠤᠭᠤᠯᠠ ᠢᠳᠡᠬᠦ ᠬᠡᠦᠬᠡᠳ ᠲᠠᠢ ᠬᠠᠷᠢᠴᠠᠭᠤᠯᠪᠠᠯ᠂ ᠴᠢᠰᠣᠨ ᠤ ᠲᠤᠳᠣᠷᠠᠬᠢ ᠨᠦᠢᠷ ᠤᠨ ᠪᠤᠯᠴᠢᠷᠬᠠᠢ ᠶᠢᠨ ᠬᠤᠷᠮᠤᠨ ᠨᠢ ᠬᠡᠰᠡᠭ ᠬᠤᠭᠤᠴᠠᠭᠠᠨ ᠳ᠋ᠣ ᠵᠠᠭᠤᠨ ᠤ 26 ᠪᠠᠷ ᠪᠠᠭᠤᠷᠠᠵᠦ᠂ II ᠬᠡᠯᠪᠡᠷᠢ ᠶᠢᠨ ᠰᠢᠬᠢᠷ ᠰᠢᠵᠢᠩ ᠡᠪᠡᠳᠴᠢᠨ ᠲᠤᠰᠬᠤ ᠪᠤᠯᠤᠮᠵᠢ ᠦᠨᠳᠦᠷ ᠪᠠᠶᠢᠳᠠᠭ ᠢ ᠠᠩᠭ᠍ᠯᠢ ᠶᠢᠨ ᠨᠢᠭᠡᠨ ᠰᠣᠳᠣᠯᠭᠠᠳᠠᠨ ᠠᠴᠠ ᠢᠯᠡᠷᠡᠬᠦᠯᠪᠡ᠃     2. ᠡᠳᠤᠷ ᠤᠨ ᠭᠤᠷᠪᠠᠨ ᠴᠠᠭ ᠤᠨ ᠬᠤᠭᠤᠯᠠ ᠪᠠᠨ ᠴᠠᠭ ᠲᠤᠨᠢ ᠢᠳᠡᠬᠦ ᠦᠭᠡᠢ᠃ ᠭᠤᠷᠪᠠᠨ ᠴᠠᠭ ᠤᠨ ᠬᠤᠭᠤᠯᠠ ᠪᠠᠨ ᠴᠠᠭ ᠲᠤ ᠪᠠᠨ ᠢᠳᠡᠬᠦ ᠦᠬᠡᠢ ᠪᠤᠯ ᠴᠢᠰᠦᠨ ᠤ ᠰᠢᠬᠢᠷ ᠤᠨ ᠰᠣᠯᠢᠯᠴᠠᠭ᠎ᠠ ᠶᠢ ᠠᠯᠳᠠᠭᠳᠠᠭᠤᠯᠳᠠᠭ᠃     3. ᠲᠡᠮᠡᠬᠢ ᠲᠠᠳᠠᠬᠤ᠃ 9 ᠵᠢᠯ ᠤᠨ ᠲᠤᠳᠣᠷ᠎ᠠ 500 ᠲᠦᠮᠡᠨ ᠬᠦᠮᠦᠰ ᠲᠣ ᠪᠠᠶᠢᠴᠠᠭᠠᠯᠳᠠ ᠬᠢᠭᠰᠡᠨ ᠨᠢᠭᠡᠨ ᠰᠣᠳᠣᠯᠭᠠᠨ ᠤ ᠦᠷ᠎ᠡ ᠳ᠋ᠦᠩ ᠠᠴᠠ ᠦᠵᠡᠪᠡᠯ᠂ ᠤᠯᠠᠨ ᠵᠢᠯ ᠲᠡᠮᠠᠬᠢ ᠲᠠᠳᠠᠭᠰᠠᠨ ᠬᠦᠮᠦᠰ ᠤᠨ ᠰᠢᠬᠢᠷ ᠰᠢᠵᠢᠩ ᠡᠪᠡᠳᠴᠢᠨ ᠳᠤ ᠨᠡᠷᠪᠡᠭᠳᠡᠬᠦ ᠪᠤᠯᠤᠮᠵᠢ ᠨᠢ ᠲᠠᠮᠠᠬᠢ ᠲᠠᠳᠠᠬᠤ ᠦᠬᠡᠢ ᠬᠦᠮᠦᠰ ᠤᠨ ᠬᠢ ᠠᠴᠠ 15 ᠠᠴᠠ 30 ᠬᠤᠪᠢ ᠦᠨᠳᠦᠷ ᠪᠠᠶᠢᠳᠠᠭ ᠢ ᠬᠡᠷᠡᠴᠢᠯᠡᠪᠡ᠃     4. ᠬᠡᠳᠦ ᠨᠠᠷᠢᠯᠢᠬ ᠪᠤᠯᠪᠠᠰᠣᠷᠠᠭᠤᠯᠤᠭᠰᠠᠨ ᠭᠤᠯᠢᠷ᠂ ᠲᠤᠳᠣᠷᠭ᠎ᠠ ᠢᠳᠡᠬᠦ᠃ ᠭᠡᠳᠦ ᠨᠡᠷᠢᠯᠢᠬ ᠪᠤᠯᠪᠡᠰᠦᠷᠡᠭᠤᠯᠦᠬᠰᠡᠠ ᠬᠤᠭᠤᠯᠠ ᠤᠮᠳᠠ ᠨᠢ ᠴᠢᠰᠦᠠ ᠤ ᠰᠢᠬᠢᠷ ᠢ ᠭᠡᠳᠦ ᠦᠨᠳᠤᠷ ᠪᠤᠶᠦ ᠭᠡᠳᠦ ᠲᠤᠤᠷ᠎ᠠ ᠪᠤᠯᠭᠠᠳᠠᠭ᠂ ᠲᠡᠷᠡ ᠲᠤᠰᠣᠮ ᠢᠶᠠᠨ ᠬᠦᠳᠡᠯᠬᠡᠬᠡᠨ ᠬᠢᠬᠦ ᠦᠭᠡᠢ ᠪᠤᠯ ᠰᠢᠬᠢᠷ ᠢ ᠠᠮᠠᠷᠬᠠᠨ ᠢᠯᠭᠠᠷᠠᠭᠤᠯᠵᠦ ᠲᠡᠶᠢᠯᠬᠦ ᠦᠬᠡᠢ ᠪᠤᠯᠭᠠᠳᠠᠭ᠃ ᠡᠶᠢᠮᠦ ᠠᠴᠠ ᠤᠭᠤᠷᠠᠭ᠂ ᠡᠷᠤᠳᠡᠰᠤ ᠸᠢᠲ᠋ᠠᠮᠢᠨ ᠢᠶᠠᠷ ᠪᠠᠶᠠᠯᠢᠭ ᠨᠤᠭᠤᠭ᠎ᠠ᠂ ᠪᠦᠳᠤᠬᠦᠯᠢᠭ ᠭᠤᠯᠢᠷ᠂ ᠪᠤᠳᠠᠭ᠎ᠠ ᠶᠢ ᠲᠦᠯᠬᠢᠬᠦᠦ ᠢᠳᠡᠵᠦ ᠬᠡᠪᠰᠢᠪᠡᠯ ᠰᠠᠶᠢᠨ᠃     ᠭᠤᠷᠪᠠ᠂ ᠴᠢᠰᠣᠨ ᠲᠠᠷᠤᠯᠳᠠ ᠶᠡᠬᠡᠰᠬᠦ ᠡᠪᠡᠳᠴᠢᠨ ᠳᠤ ᠨᠡᠷᠪᠡᠭᠳᠡᠬᠦ ᠰᠢᠯᠳᠠᠭᠠᠨ     1. ᠬᠡᠳᠦ ᠱᠣᠷᠪᠤᠭ ᠢᠳᠡᠬᠦ᠃ ᠴᠢᠰᠣᠨ ᠤ ᠲᠠᠷᠤᠯᠳᠠ ᠦᠨᠳᠦᠷᠵᠢᠬᠦ ᠨᠢ ᠢᠳᠡᠭᠡᠨ ᠲᠠᠢ ᠰᠢᠭᠤᠳ ᠬᠤᠯᠪᠤᠭᠳᠠᠨ᠎ᠠ᠂ ᠲᠠᠪᠤᠰᠣ ᠢᠯᠡᠬᠦᠤ ᠢᠳᠡᠬᠦ ᠨᠢ ᠴᠢᠰᠣᠨ ᠰᠣᠳᠠᠯ ᠤᠨ ᠬᠠᠨ᠎ᠠ ᠶᠢ ᠭᠡᠮᠳᠦᠭᠡᠵᠦ᠂ ᠴᠢᠰᠣᠨ ᠤ ᠲᠠᠷᠤᠯᠳᠠ ᠶᠢ ᠠᠭᠠᠵᠢᠮ ᠢᠶᠠᠷ ᠦᠨᠳᠦᠷ ᠪᠤᠯᠭᠠᠳᠠᠭ᠃     2. ᠬᠡᠳᠦᠷᠬᠡᠢ ᠮᠠᠷᠢᠶᠠᠯᠠᠬᠤ᠃ ᠬᠡᠪ ᠤᠨ ᠪᠡᠶ᠎ᠡ ᠶᠢᠨ ᠬᠦᠨᠳᠦ ᠠᠴᠠ 50 ᠵᠢᠩ ᠬᠡᠲᠦᠷᠡᠭᠰᠡᠨ ᠬᠦᠮᠦᠰ᠂ ᠡᠰᠡᠬᠦᠯ᠎ᠡ ᠨᠢᠷᠤᠭᠤᠨ ᠤ ᠬᠡᠰᠡᠭ ᠢᠶᠠᠷ ᠢᠶᠠᠨ ᠬᠡᠳᠦ ᠮᠠᠷᠢᠶ᠎ᠠ ᠲᠠᠢ ᠬᠦᠮᠦᠰ ᠤᠨ ᠴᠢᠰᠣᠨ ᠲᠠᠷᠤᠯᠳᠠ ᠦᠨᠳᠦᠷᠵᠢᠬᠦ ᠨᠤᠷᠮ᠎ᠠ ᠨᠢ ᠡᠷᠡᠬᠦᠯ ᠬᠦᠮᠦᠰ ᠤᠨ ᠬᠢ ᠠᠴᠠ 3.5 ᠲᠠᠬᠢᠨ ᠦᠨᠳᠦᠷ ᠭᠡᠵᠦ ᠨᠤᠳᠠᠯᠠᠭᠰᠠᠨ ᠪᠠᠶᠢᠳᠠᠭ᠃     3. ᠠᠮᠠᠷᠬᠠᠨ ᠠᠭᠤᠷᠯᠠᠵᠦ ᠤᠴᠠᠭᠠᠷᠯᠠᠬᠤ᠃ ᠬᠡᠳᠦ ᠠᠭᠤᠷᠯᠠᠵᠦ ᠪᠠᠴᠢᠮᠳᠠᠬᠤ᠂ ᠠᠶᠤᠵᠦ ᠰᠦᠷᠳᠡᠬᠦ ᠦᠶ᠎ᠡ ᠳᠤ ᠵᠢᠷᠦᠬᠡᠨ ᠤ ᠯᠤᠭᠰᠢᠯᠳᠠ ᠲᠦᠷᠭᠡᠰᠴᠦ᠂ ᠠᠮᠢᠰᠬᠤᠯ ᠪᠠᠴᠢᠭᠤᠳᠠᠠ᠂ ᠴᠢᠨᠠᠭᠰᠢᠯᠠᠭᠠᠳ ᠪᠡᠶ᠎ᠡ ᠴᠡᠴᠡᠷᠬᠢᠯᠡᠬᠦ ᠬᠡᠮᠵᠢᠶᠡᠨ ᠳᠤ ᠬᠦᠷᠴᠦ᠂ ᠴᠢᠰᠣᠨ ᠤ ᠲᠠᠷᠤᠯᠳᠠ ᠶᠢ ᠠᠮᠠᠷᠬᠠᠨ ᠦᠨᠳᠦᠷ ᠪᠤᠯᠭᠠᠳᠠᠭ ᠪᠠᠶᠢᠨ᠎ᠠ᠃     4. ᠠᠷᠢᠬᠢᠨ ᠳᠤ ᠰᠢᠨᠤᠬᠤ᠃ ᠠᠷᠢᠬᠢ ᠤᠤᠭᠤᠬᠤ ᠦᠶ᠎ᠡ ᠳᠤ ᠵᠢᠷᠦᠬᠡᠨ ᠤ ᠲᠠᠪᠳᠠᠮᠵᠢ ᠨᠡᠮᠡᠭᠳᠡᠵᠦ᠂ ᠴᠢᠰᠣᠨ ᠰᠣᠳᠠᠯ ᠢᠪᠴᠤᠷᠠᠨ᠂ ᠴᠢᠰᠣᠨ ᠤ ᠲᠠᠷᠤᠯᠳᠠ ᠶᠢ ᠦᠨᠳᠦᠷ ᠪᠤᠯᠭᠠᠳᠠᠭ᠂ ᠪᠠᠶᠢᠩᠭᠤ᠂ ᠤᠳᠠᠭᠠᠨ ᠴᠢᠨᠠᠷᠳᠠᠢ ᠠᠷᠢᠬᠢ ᠤᠤᠭᠤᠬᠤ ᠳᠤ ᠬᠦᠷᠪᠡᠯ ᠴᠢᠰᠤᠨ ᠤ ᠰᠣᠳᠠᠯ ᠤᠨ ᠬᠠᠳᠠᠭᠤᠷᠠᠯ ᠢ ᠡᠬᠦᠰᠳᠡᠭ ᠪᠠᠶᠢᠨ᠎ᠠ᠃     
ᠢᠷᠡᠯᠲᠡ᠄ ᠲᠦᠪ ᠤᠨ ᠮᠤᠩᠬᠤᠯ ᠷᠠᠳᠢᠣ᠋