ᠡᠶᠢᠮᠦ ᠢᠳᠡᠭᠡᠨ ᠬᠡᠦᠬᠡᠳ ᠤᠨ ᠬᠠᠷᠠᠭ᠎ᠠ ᠶᠢ ᠮᠠᠭᠤᠲᠠᠭᠤᠯᠤᠨ᠎ᠠ
ᠨᠡᠶᠢᠲᠡᠯᠡᠭᠰᠡᠨ ᠴᠠᠭ᠄
2022/6/15
    ᠣᠶᠢᠷ᠎ᠠ ᠬᠠᠷᠠᠭ᠎ᠠ ᠶᠢᠨ ᠲᠤᠬᠠᠢ ᠵᠠᠷᠢᠮ ᠭᠡᠷ ᠤᠨ ᠠᠬᠠᠮᠠᠳ ᠢᠳᠡᠭᠡᠨ ᠤᠮᠳᠠᠭᠠᠨ ᠨᠢ ᠨᠢᠳᠦᠨ ᠤ ᠬᠠᠷᠠᠭ᠎ᠠ ᠶᠢ ᠨᠥᠯᠦᠭᠡᠯᠡᠨ᠎ᠡ ᠤᠤ ᠭᠡᠵᠣ ᠠᠰᠠᠭᠤᠳᠠᠭ᠃ ᠢᠳᠡᠭᠡᠨ ᠤᠮᠳᠠᠭᠠᠨ ᠨᠢ  ᠨᠢᠳᠦᠨ ᠤ  ᠬᠠᠷᠠᠭᠠᠨ ᠤ  ᠡᠷᠡᠭᠦᠯ  ᠮᠡᠨᠳᠦ ᠲᠠᠢ  ᠦᠨᠡᠭᠡᠷ ᠬᠤᠯᠪᠣᠭ᠎ᠠ ᠲᠠᠢ ᠪᠠᠶᠢᠳᠠᠭ᠃ ᠲᠡᠭᠡᠪᠡᠯ ᠢᠳᠡᠭᠡᠨ  ᠤᠮᠳᠠᠭᠠᠨ ᠢ ᠲᠣᠬᠢᠷᠠᠮᠵᠢᠲᠠᠢ ᠲᠣᠬᠢᠷᠠᠭᠤᠯᠬᠤ ᠪᠠᠷ  ᠳᠠᠮᠵᠢᠨ  ᠬᠡᠦᠬᠡᠳ ᠤᠨ ᠨᠢᠳᠦᠨ ᠤ ᠬᠠᠷᠠᠭ᠎ᠠ ᠶᠢ ᠰᠠᠶᠢᠵᠢᠷᠠᠭᠤᠯᠬᠤ ᠠᠷᠭ᠎ᠠ ᠪᠠᠶᠢᠨ᠎ᠠ ᠤᠤ︖ ᠲᠠ ᠪᠦᠬᠦᠨ ᠳᠤ ᠬᠡᠳᠦᠨ ᠵᠦᠢᠯ ᠢ ᠲᠠᠨᠢᠯᠴᠠᠭᠤᠯᠤᠶ᠎ᠡ᠃       ᠭᠠᠷᠠᠭ ᠪᠣᠯᠭᠠᠨ 1 — 2 ᠤᠳᠠᠭ᠎ᠠ ᠠᠮᠢᠲᠠᠨ ᠤ ᠡᠯᠢᠭᠡ ᠢᠳᠡᠭᠦᠯᠵᠦ᠂ ᠬᠦᠨ ᠥᠩᠭᠡ ᠲᠠᠢ ᠨᠣᠭᠤᠭ᠎ᠠ ᠵᠢᠮᠢᠰ ᠢᠯᠡᠭᠦᠦ ᠢᠳᠡᠭᠦᠯᠬᠦ ᠬᠡᠷᠡᠭᠲᠡᠢ᠃ ᠺᠠᠯᠽ᠂ ᠰᠧᠯᠧᠨ᠂ ᠴᠠᠶᠢᠷ᠂ ᠵᠡᠰ᠂ ᠨᠠᠪᠴᠢᠨ ᠤ ᠰᠢᠷ᠎ᠠ ᠡᠳ᠋᠂ ᠸᠢᠲ᠋ᠠᠮᠢᠨ A᠂ ᠸᠢᠲ᠋ᠠᠮᠢᠨ B1 ᠵᠡᠷᠭᠡ ᠰᠢᠮ᠎ᠡ ᠲᠡᠵᠢᠭᠡᠯ ᠤᠨ ᠡᠳ᠋ ᠨᠢ ᠨᠢᠳᠦᠨ ᠤ ᠬᠠᠷᠠᠭ᠎ᠠ ᠶᠢ ᠬᠠᠮᠠᠭᠠᠯᠠᠬᠤ ᠦᠢᠯᠡᠳᠦᠯ  ᠲᠠᠢ ᠪᠠᠶᠢᠵᠤ᠂ ᠨᠢᠳᠦᠨ ᠤ ᠬᠠᠷᠠᠭ᠎ᠠ ᠶᠢ  ᠰᠠᠶᠢᠵᠢᠷᠠᠭᠤᠯᠬᠤ ᠳᠤ ᠠᠰᠢᠭᠲᠠᠢ ᠪᠠᠶᠢᠳᠠᠭ᠃ ᠬᠡᠦᠬᠡᠳ ᠳᠡᠭᠡᠨ᠂ ᠡᠳᠡᠭᠡᠷ ᠰᠢᠮ᠎ᠡ ᠲᠡᠵᠢᠭᠡᠯ ᠡᠯᠪᠡᠭ ᠠᠭᠤᠯᠳᠠᠭ  ᠨᠣᠭᠤᠭ᠎ᠠ ᠂  ᠭᠦᠨ  ᠥᠩᠭᠡ ᠶᠢᠨ ᠨᠣᠭᠤᠭ᠎ᠠ ᠵᠢᠮᠢᠰ᠂ ᠪᠦᠳᠦᠭᠦᠯᠢᠭ ᠠᠮᠣ᠂ ᠴᠠᠭᠠᠨ ᠢᠳᠡᠭᠡ ᠵᠡᠷᠭᠡ ᠶᠢ ᠢᠯᠡᠭᠦᠦ ᠢᠳᠡᠭᠦᠯᠵᠣ᠂ ᠭᠠᠷᠠᠭ ᠪᠣᠯᠭᠠᠨ 1  —  2  ᠤᠳᠠᠭ᠎ᠠ ᠠᠮᠢᠲᠠᠨ ᠤ ᠡᠯᠢᠭᠡ ᠢᠳᠡᠭᠦᠯᠦᠨ᠎ᠡ᠃                   ᠰᠢᠬᠢᠷᠯᠢᠭ ᠢᠳᠡᠭᠡᠨ ᠪᠠᠭ᠎ᠠ ᠢᠳᠡᠭᠦᠯᠵᠦ᠂ ᠰᠢᠬᠢᠷ ᠠᠭᠤᠯᠣᠭᠰᠠᠨ ᠤᠮᠳᠠᠭᠠᠨ ᠪᠠᠭ᠎ᠠ ᠤᠤᠭᠤᠯᠭᠠᠬᠤ ᠬᠡᠷᠡᠭᠲᠡᠢ᠃    ᠰᠢᠬᠢᠷᠯᠢᠭ ᠢᠳᠡᠭᠡᠨ ᠳᠠᠬᠢ ᠰᠢᠬᠢᠷ ᠨᠢ ᠬᠦᠮᠦᠨ ᠤ  ᠪᠡᠶ᠎ᠡ ᠳᠤ  ᠰᠣᠯᠢᠯᠴᠠᠭ᠎ᠠ  ᠬᠢᠬᠦ  ᠦᠶ᠎ᠡ ᠳᠤ  ᠶᠡᠭᠡ  ᠬᠡᠮᠵᠢᠶᠡᠨ ‍ᠣ‌‍ᠸᠢᠲᠮᠢᠨ B1 ᠶᠢ ᠬᠡᠷᠡᠭᠯᠡᠳᠡᠭ᠃ ᠬᠡᠷᠪᠡ ᠰᠢᠬᠢᠷᠯᠢᠭ ᠢᠳᠡᠭᠡᠨ ᠢ ᠶᠡᠭᠡ ᠬᠡᠮᠵᠢᠶ᠎ᠡ ᠪᠠᠷ ᠢᠳᠡᠪᠡᠯ ᠨᠢᠳᠦ ᠬᠢᠯᠪᠠᠷᠬᠠᠨ ᠶᠠᠳᠠᠷᠠᠵᠣ᠂ ᠬᠠᠷᠠᠭᠠᠨ ᠮᠡᠳᠡᠷᠡᠯ ︽ᠰᠢᠮ᠎ᠡ ᠲᠡᠵᠢᠭᠡᠯ ᠳᠤᠲᠠᠭᠳᠠᠬᠤ︾ ᠠᠴᠠ ᠪᠣᠯᠵᠣ ᠬᠠᠷᠠᠭ᠎ᠠ ᠮᠠᠭᠤᠳᠠᠬᠤ ᠪᠣᠯᠣᠨ᠎ᠠ᠃ ᠰᠢᠬᠢᠷᠯᠢᠭ ᠢᠳᠡᠭᠡᠨ ᠨᠢ ᠺᠠᠯᠽ ᠶᠢ ᠬᠤᠷᠣᠭᠳᠠᠭᠤᠯᠤᠨ᠎ᠠ᠃ ᠺᠠᠯᠽ ᠳᠤᠲᠠᠪᠠᠯ ᠨᠢᠳᠦᠨ ᠤ ᠪᠣᠯᠴᠢᠩ ᠰᠤᠯᠠᠷᠠᠵᠣ᠂ ᠡᠭᠦᠨ ᠤ ᠤᠯᠠᠮ ᠢᠶᠠᠷ ᠣᠶᠢᠷ᠎ᠠ ᠬᠠᠷᠠᠭ᠎ᠠ ᠲᠠᠢ ᠪᠣᠯᠳᠠᠭ᠃ ᠰᠢᠬᠢᠷᠯᠢᠭ ᠢᠳᠡᠭᠡᠨ ᠨᠢ ᠪᠠᠰᠠ ᠨᠢᠳᠦᠨ ᠤ ᠲᠠᠯᠠᠰᠯᠢᠭ ᠪᠡᠶ᠎ᠡ ᠶᠢ ᠨᠥᠯᠦᠭᠡᠯᠡᠨ᠎ᠡ᠃ ᠰᠢᠬᠢᠷᠯᠢᠭ ᠢᠳᠡᠭᠡᠨ  ᠠᠷᠪᠢᠨ ᠢᠳᠡᠪᠡᠯ ᠬᠥᠮᠥᠨ ᠤ ᠪᠡᠶ᠎ᠡ ᠳᠠᠬᠢ ᠴᠢᠰᠦᠨ ᠰᠢᠬᠢᠷ ᠤᠨ ᠬᠡᠮᠵᠢᠶ᠎ᠡ ᠥᠨᠳᠦᠷ ᠪᠣᠯᠵᠣ᠂  ᠴᠢᠰᠦᠨ  ᠡᠭᠡᠳᠡᠩ ᠤᠨ  ᠨᠡᠪᠴᠢᠯᠲᠡ ᠶᠢᠨ ᠳᠠᠷᠣᠯᠲᠠ ᠳᠡᠭᠡᠭᠰᠢᠯᠡᠵᠣ᠂ ᠪᠡᠶ᠎ᠡ ᠶᠢᠨ ᠰᠢᠩᠭᠡᠨ ᠤ ᠨᠡᠪᠴᠢᠯᠲᠡ ᠶᠢᠨ ᠳᠠᠷᠣᠯᠲᠠ ᠳᠣᠭᠤᠭᠰᠢᠯᠠᠵᠣ᠂  ᠨᠢᠳᠦᠨ ᠤ  ᠳᠠᠷᠣᠯᠲᠠ ᠶᠢ ᠶᠡᠬᠡᠰᠬᠡᠵᠣ᠂ ᠲᠠᠯᠠᠰᠯᠢᠭ ᠪᠡᠶ᠎ᠡ ᠪᠦᠯᠲᠡᠶᠢᠵᠣ᠂ ᠣᠶᠢᠷ᠎ᠠ ᠬᠠᠷᠠᠭ᠎ᠠ ᠶᠢ ᠡᠭᠦᠰᠭᠡᠵᠣ ᠮᠡᠳᠡᠨ᠎ᠡ᠃                    ᠡᠶᠢᠮᠦ ᠠᠴᠠ ᠬᠡᠦᠬᠡᠳ ᠲᠤ ᠰᠢᠬᠢᠷ ᠠᠭᠤᠯᠤᠭᠰᠠᠨ ᠤᠮᠳᠠᠭᠠᠨ ᠪᠠᠭ᠎ᠠ ᠤᠤᠭᠤᠯᠭᠠᠵᠤ᠂ ᠰᠢᠬᠢᠷᠯᠢᠭ  ᠢᠳᠡᠭᠡ᠂  ᠰᠢᠬᠢᠷ ᠵᠢᠮᠢᠰ ᠵᠡᠷᠭᠡ ᠰᠢᠬᠢᠷ ᠤᠨ ᠠᠭᠤᠯᠤᠭᠳᠠᠴᠠ ᠨᠡᠯᠢᠶᠡᠳ ᠥᠨᠳᠥᠷ ᠰᠢᠬᠢᠷᠯᠢᠭ ᠢᠳᠡᠭᠡᠨ  ᠪᠠᠭ᠎ᠠ  ᠢᠳᠡᠭᠦᠯᠬᠦ  ᠬᠡᠷᠡᠭᠲᠡᠢ᠃  ᠬᠠᠲᠠᠭᠤ ᠰᠢᠭ᠋ ᠵᠦᠢᠯ ᠢᠳᠡᠭᠦᠯᠵᠣ ᠨᠢᠳᠦᠨ ᠤ ᠪᠣᠯᠴᠢᠩ ᠢ ᠴᠢᠩᠭᠠᠷᠠᠭᠤᠯᠬᠤ ᠨᠢ ᠴᠢᠬᠤᠯᠠ᠃ ᠵᠠᠵᠢᠯᠬᠤ ᠨᠢ ᠬᠡᠦᠬᠡᠳ ᠤᠨ  ᠨᠢᠭᠤᠷ ᠤᠨ ᠪᠤᠯᠴᠢᠩ ᠤᠨ ᠬᠥᠳᠡᠯᠭᠡᠭᠡᠨ ᠢ ᠠᠬᠢᠭᠤᠯᠵᠤ᠂ ᠢᠯᠠᠩᠭᠤᠶ᠎ᠠ ᠨᠢᠳᠦᠨ ᠤ ᠪᠣᠯᠴᠢᠩ ᠤᠨ ᠬᠥᠳᠡᠯᠭᠡᠭᠡᠨ ᠢ ᠨᠡᠮᠡᠭᠳᠡᠭᠦᠯᠳᠡᠭ ᠶᠤᠮ᠃
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ