ᠴᠠᠭᠠᠨ ᠢᠳᠡᠭᠡᠨ ᠤ ᠴᠡᠭᠡᠷ
ᠨᠡᠶᠢᠲᠡᠯᠡᠭᠰᠡᠨ ᠴᠠᠭ᠄
2022/5/9
     ᠴᠠᠭᠠᠨ ᠢᠳᠡᠭᠡᠨ ᠤ ᠴᠡᠭᠡᠷ ᠄         ᠲᠠᠪᠤᠨ ᠬᠤᠰᠢᠭᠤ ᠮᠠᠯ ᠤᠨ ᠰᠦ ᠪᠠᠷ ᠪᠤᠯᠪᠠᠰᠤᠷᠠᠭᠤᠯᠤᠭᠰᠠᠨ ᠢᠳᠡᠭᠡᠨ ᠢ ᠠᠷᠢᠭᠤᠨ ᠴᠠᠭᠠᠨ᠂ ᠠᠷᠢᠭ ᠴᠠᠶᠢᠯᠭᠠᠨ ᠬᠡᠮᠡᠬᠦ ᠰᠠᠨᠠᠭ᠎ᠠ ᠪᠠᠷ ᠴᠠᠭᠠᠨ ᠢᠳᠡᠭᠡ ᠭᠡᠵᠤ ᠨᠡᠷᠡᠯᠡᠭᠰᠡᠨ ᠶᠤᠮ᠃ ᠴᠠᠭᠠᠨ ᠢᠳᠡᠭᠡ ᠪᠠᠨ ᠨᠠᠨᠳᠢᠩᠨᠠᠨ  ᠬᠦᠨᠳᠦᠳᠭᠡᠳᠡᠭ ᠤᠴᠢᠷ ᠠᠴᠠ ᠭᠡᠶᠢᠴᠢᠨ ᠵᠤᠴᠢᠨ ᠢᠷᠡᠪᠡᠰᠦ ︽ᠴᠠᠶᠢᠯᠭᠠᠨ ᠰᠡᠳᠭᠢᠯ᠂ ᠴᠠᠭᠠᠨ ᠪᠤᠶᠠᠨ ᠤ ᠳᠡᠭᠡᠵᠢ︾ ᠭᠡᠵᠤ ᠡᠩ ᠲᠡᠷᠢᠭᠦᠨ ᠳᠤ ᠴᠡᠭᠡ ᠰᠦ ᠶᠦᠭᠡᠨ ᠡᠷᠭᠦᠨ ᠪᠠᠷᠢᠵᠦ᠂ ᠪᠢᠴᠢᠬᠠᠨ ᠬᠡᠦᠬᠡᠳ ᠤᠨ ᠵᠤᠯᠠᠢ᠂ ᠮᠠᠩᠨᠠᠢ ᠳᠤᠨᠢ  ᠦᠷᠦᠮ᠎ᠡ ᠪᠤᠶᠤ ᠰᠢᠷ᠎ᠠ ᠲᠤᠰᠤ ᠶᠢ ᠢᠳᠠᠮ ᠬᠤᠷᠤᠭᠤ ᠪᠠᠷ ᠮᠢᠯᠢᠶᠠᠨ ᠲᠦᠷᠬᠢᠵᠦ᠂ ︽ᠲᠤᠰᠤᠨ ᠳᠡᠭᠡᠷ᠎ᠡ ᠲᠤᠭᠯᠠᠵᠦ᠂ ᠲᠤᠷᠭᠠᠨ ᠳᠡᠭᠡᠷ᠎ᠡ ᠦᠩᠭᠦᠷᠢᠲᠦᠭᠡᠢ︾ ᠬᠡᠮᠡᠨ ᠢᠷᠦᠭᠡᠵᠦ᠂ ᠢᠳᠠᠮ ᠬᠤᠷᠤᠭᠤᠨ ᠠᠴᠠ ᠪᠤᠰᠤᠳ ᠬᠤᠷᠤᠭᠤ ᠪᠠᠷ  ᠴᠠᠭᠠᠨ ᠢᠳᠡᠭᠡ ᠪᠠᠨ ᠡᠷᠭᠦᠬᠦ᠂ ᠦᠭᠭᠦ᠂ ᠠᠮᠠᠰᠠᠬᠤ ᠶᠤᠰᠤ ᠦᠢᠯᠡᠳᠬᠦ ᠶᠢ ᠴᠡᠭᠡᠷᠯᠡᠨ᠎ᠡ᠃ ᠴᠠᠭᠠᠨ ᠢᠳᠡᠭᠡ ᠶᠢ  ᠵᠤᠭᠰᠤᠭ᠎ᠠ ᠶᠠᠪᠤᠭ᠎ᠠ ᠪᠠᠷ ᠠᠮᠰᠠᠬᠤ᠂ ᠢᠳᠡᠬᠦ ᠶᠢ ᠴᠡᠭᠡᠷᠯᠡᠨ᠎ᠡ᠃ ᠲᠦᠪᠬᠢᠨᠡᠭᠦᠨ ᠰᠠᠭᠤᠵᠦ ᠢᠳᠡᠵᠦ ᠤᠤᠭᠤᠬᠤ ᠬᠡᠷᠡᠭᠲᠡᠢ᠃ ᠴᠠᠭᠠᠨ ᠢᠳᠡᠭᠡ ᠶᠢ ᠪᠤᠰᠤᠳ ᠲᠤ ᠦᠭᠪᠡᠯ ᠪᠤᠶᠠᠨ ᠳᠠᠭᠠᠨ᠎ᠠ ᠭᠡᠵᠤ ᠰᠠᠪᠠ ᠶᠢ ᠳᠦᠭᠦᠷᠭᠡᠭᠡᠳ ᠡᠷᠭᠢᠭᠦᠯᠵᠦ ᠦᠪᠡᠷ ᠤᠨ ᠰᠠᠪᠠᠨ ᠳᠠᠭᠠᠨ ᠪᠠᠭ᠎ᠠ ᠬᠢᠵᠦ ᠦᠯᠡᠳᠡᠭᠡᠨ ᠠᠪᠤᠭᠠᠳ ᠦᠭᠳᠡᠭ ᠶᠤᠰᠤ ᠪᠤᠢ᠃ ᠰᠦᠨᠢ ᠪᠣᠯ ᠴᠠᠭᠠᠨ ᠢᠳᠡᠭᠡ ᠶᠢ ᠬᠦᠮᠦᠨ ᠳᠤ ᠢᠯᠡ ᠪᠠᠷ ᠰᠢᠭᠤᠳ ᠦᠭᠭᠦ ᠶᠢ ᠴᠡᠭᠡᠷᠯᠡᠳᠡᠭ᠃ ᠬᠡᠷᠪᠡ ᠬᠦᠮᠦᠨ ᠳᠤ ᠵᠠᠪᠠᠯ ᠦᠭᠭᠦ  ᠴᠢᠬᠤᠯᠠ ᠲᠠᠢ ᠪᠣᠯ ᠭᠡᠷ ᠤᠨ ᠬᠦᠮᠦᠰ ᠨᠢ ᠰᠠᠪᠠᠯᠠᠵᠦ ᠨᠢᠭᠤᠭᠰᠠᠨ ᠪᠠᠶᠢᠳᠠᠯ ᠭᠠᠷᠭᠠᠨ᠂ ᠠᠪᠴᠤ ᠶᠠᠪᠤᠬᠤ ᠬᠦᠮᠦᠨ ᠨᠢ ᠦᠭᠡ ᠳᠠᠭᠤ ᠭᠠᠷᠭᠠᠯ ᠦᠭᠡᠢ ᠪᠠᠷ ᠰᠡᠮᠡᠬᠡᠨ ᠠᠪᠴᠤ ᠶᠠᠪᠤᠨ᠎ᠠ᠃ ᠴᠠᠭᠠᠨ ᠢᠳᠡᠭᠡ ᠠᠮᠰᠠᠬᠤ ᠳᠠᠭᠠᠨ ᠬᠤᠪᠴᠠᠰᠤ  ᠬᠤᠨᠠᠷ ᠰᠤᠯᠠ ᠵᠠᠳᠠᠭᠠᠢ ᠪᠠᠶᠢᠬᠤ ᠶᠢ ᠴᠡᠭᠡᠷᠯᠡᠨ᠎ᠡ᠃ ᠠᠶᠢᠷᠠᠭ ᠲᠤ ᠬᠤᠵᠢᠷ ᠳᠠᠪᠤᠰᠤ ᠬᠦᠷᠭᠡᠬᠦ᠂ ᠬᠤᠷᠤᠳ ᠢ ᠭᠠᠯ ᠳᠤ ᠰᠢᠷᠠᠬᠤ᠂ ᠰᠢᠷ᠎ᠠ ᠲᠤᠰᠤ ᠪᠠᠷ ᠴᠠᠭᠠᠨ ᠢᠳᠡᠭᠡ ᠠᠮᠰᠠᠭᠤᠯᠬᠤ ᠵᠡᠷᠭᠡ ᠶᠢ ᠴᠡᠭᠡᠷᠯᠡᠨ᠎ᠡ᠃ ᠮᠤᠩᠭᠤᠯᠴᠤᠳ᠂  ᠴᠠᠭᠠᠨ ᠢᠳᠡᠭᠡᠨ ᠢᠶᠠᠨ ᠢᠳᠡᠭᠡᠨ ᠤ ᠵᠦᠢᠯ ᠪᠠ ᠤᠮᠳᠠᠭᠠᠨ ᠤ ᠵᠦᠢᠯ ᠭᠡᠵᠤ ᠬᠤᠶᠠᠷ ᠵᠦᠢᠯ ᠳᠤ ᠠᠩᠭᠢᠯᠠᠳᠠᠭ᠃ ᠢᠳᠡᠭᠡᠨ ᠤ ᠵᠦᠢᠯ ᠳᠤ᠄ ᠠᠭᠠᠷᠤᠤᠯ᠂ ᠬᠤᠷᠤᠳ᠂ ᠪᠢᠰᠢᠯᠠᠭ᠂ ᠦᠷᠦᠮ᠎ᠡ᠂ ᠰᠢᠷ᠎ᠠ ᠲᠤᠰᠤ᠂ ᠵᠦᠭᠡᠬᠡᠢ᠂ ᠴᠦᠴᠦᠭᠡᠢ᠂ ᠡᠭᠡᠵᠡᠭᠡᠢ᠂ ᠰᠦᠨ ᠲᠠᠯᠬ᠎ᠠ ᠵᠡᠷᠭᠡ ᠪᠠᠶᠢᠵᠦ︔ ᠤᠮᠳᠠᠭᠠᠨ ᠤ ᠵᠦᠢᠯ ᠳᠤ᠄ ᠤᠭᠤᠷᠠᠭ᠂ ᠰᠦ᠂ ᠡᠰᠦᠭ᠂ ᠴᠡᠭᠡ᠂  ᠡᠭᠡᠳᠡᠮᠦᠭ᠂ ᠠᠶᠢᠷᠠᠭ᠂ ᠲᠠᠷᠠᠭ ᠵᠡᠷᠭᠡ ᠪᠠᠭᠲᠠᠨ᠎ᠠ᠃ ᠴᠠᠭᠠᠨ ᠢᠳᠡᠭᠡ᠂ ᠤᠯᠠᠭᠠᠨ ᠢᠳᠡᠭᠡ ᠶᠢ ᠬᠤᠯᠢᠬᠤ ᠶᠢ  ᠴᠡᠭᠡᠷᠯᠡᠳᠡᠭ᠃ ᠰᠦ ᠪᠣᠯ ᠴᠠᠭᠠᠨ᠂ ᠠᠷᠢᠭᠤᠨ᠂ ᠴᠢᠰᠤ ᠪᠣᠯ ᠤᠯᠠᠭᠠᠨ ᠤᠴᠢᠷ ᠰᠦ ᠮᠡᠲᠦ ᠠᠷᠢᠭᠤᠨ ᠪᠢᠰᠢ ᠭᠡᠵᠤ ᠦᠵᠡᠳᠡᠭ᠃ ᠰᠦ ᠨᠢ ᠤᠰᠤ ᠴᠠᠢ ᠶᠢ ᠴᠠᠭᠠᠨ ᠪᠤᠯᠭᠠᠳᠠᠭ ᠴᠦ ᠴᠢᠰᠤ ᠶᠢ ᠴᠠᠶᠢᠷᠠᠭᠤᠯᠵᠦ᠂ ᠴᠢᠰᠤᠨ ᠤ ᠴᠢᠨᠠᠷ ᠢ ᠬᠤᠪᠢᠷᠠᠭᠤᠯᠬᠤ ᠳᠤ ᠪᠡᠷᠬᠡ ᠲᠤᠯᠠ ᠤᠯᠠᠭᠠᠨ ᠴᠠᠭᠠᠨ ᠢᠳᠡᠭᠡ ᠶᠢ ᠬᠤᠯᠢᠳᠠᠭ ᠦᠭᠡᠢ᠃ ᠲᠠᠬᠢᠯᠭ᠎ᠠ ᠪᠤᠶᠤ ᠳᠠᠶᠢᠯᠠᠯᠭ᠎ᠠ ᠳᠡᠭᠡᠷ᠎ᠡ ᠰᠢᠭᠦᠰᠦ ᠲᠠᠯᠪᠢᠬᠤ ᠳᠠᠭᠠᠨ ᠬᠤᠨᠢᠨ ᠤ ᠲᠤᠯᠤᠭᠠᠢ ᠳᠡᠭᠡᠷ᠎ᠡ ᠨᠢ ᠬᠤᠷᠤᠳ ᠴᠠᠭᠠᠨ ᠢᠳᠡᠭᠡ ᠪᠠᠷ ᠦᠩᠭᠡ  ᠲᠠᠯᠪᠢᠵᠦ ︽ᠴᠠᠶᠢᠷᠠᠭᠤᠯᠳᠠᠭ︾ ᠠᠵᠢ᠃ ᠰᠦ ᠴᠠᠭ᠎ᠠ ᠪᠣᠯ ᠠᠷᠢᠭᠤᠨ ᠴᠢᠨᠠᠷᠲᠤ ᠢᠳᠡᠭᠡᠨ ᠤᠮᠳᠠᠭᠠᠨ ᠪᠤᠯᠬᠤᠷ ᠰᠦ  ᠴᠠᠭ᠎ᠠ ᠲᠠᠢ ᠤᠷᠤᠯᠳᠤᠬᠤ ᠠᠯᠢᠪᠠ ᠳᠤᠬᠢᠶᠠᠯᠳᠤᠯ ᠳᠤ ᠵᠠᠪᠠᠯ ᠠᠷᠢᠭᠤᠨ ᠴᠡᠪᠡᠷ ᠪᠠᠶᠢᠬᠤ ᠶᠢ ᠬᠢᠴᠢᠶᠡᠳᠡᠭ᠃ ᠭᠠᠷ ᠢᠶᠠᠨ ᠤᠬᠢᠶᠠᠯ ᠦᠭᠡᠢ ᠰᠦ ᠰᠠᠭᠠᠬᠤ ᠪᠤᠶᠤ ᠠᠯᠢᠪᠠ ᠰᠦ ᠴᠠᠭᠠᠨ ᠢᠳᠡᠭᠡ ᠲᠠᠢ ᠤᠷᠤᠯᠳᠤᠬᠤ ᠶᠢ ᠲᠤᠩ ᠴᠡᠭᠡᠷᠯᠡᠳᠡᠭ᠃  ᠰᠦ ᠰᠠᠭᠠᠯᠢ ᠪᠠ ᠴᠠᠭᠠᠨ ᠢᠳᠡᠭᠡᠨ ᠤ ᠳᠡᠭᠡᠭᠦᠷ ᠠᠯᠬᠤᠵᠦ ᠭᠢᠰᠭᠢᠬᠦ᠂ ᠬᠤᠷᠮᠤᠢ ᠪᠠᠨ ᠡᠷᠭᠢᠯᠳᠦᠭᠦᠯᠬᠦ᠂ ᠭᠤᠲᠤᠯ  ᠤᠶᠢᠮᠤᠰᠤ᠂ ᠦᠮᠦᠳᠦ ᠮᠡᠲᠦ ︽ᠪᠤᠵᠠᠷ︾ ᠵᠦᠢᠯ ᠰᠦ ᠰᠠᠭᠠᠯᠢ ᠲᠠᠢ ᠤᠶᠢᠷᠠᠲᠤᠬᠤ ᠶᠢ ᠴᠡᠭᠡᠷᠯᠡᠳᠡᠭ᠃ ᠰᠦ ᠰᠠᠭᠠᠯᠢ ᠪᠤᠵᠠᠷᠲᠤᠪᠠᠯ ᠦᠨᠢᠶ᠎ᠡ ᠭᠡᠭᠦᠦ ᠶᠢᠨ ᠳᠡᠯᠡᠩ ᠬᠠᠪᠤᠳᠬᠤ ᠪᠤᠶᠤ ᠰᠦ ᠭᠠᠰᠢᠯᠬᠤ᠂ ᠴᠡᠭᠡ ᠠᠶᠢᠷᠠᠭ ᠤᠨ ᠬᠦᠷᠦᠩᠭᠡ ᠬᠦᠴᠦ ᠰᠤᠯᠠᠷᠠᠵᠦ᠂ ᠬᠦᠮᠦᠨ ᠤ ᠬᠡᠶᠢᠮᠦᠷᠢ ᠬᠡᠪᠲᠡᠵᠦ᠂ ᠬᠢᠵᠢᠭ ᠡᠪᠡᠳᠴᠢᠨ ᠢᠷᠡᠨ᠎ᠡ᠃ ᠨᠤᠬᠠᠢ᠂ ᠮᠤᠤᠷ᠂ ᠰᠢᠪᠠᠭᠤ  ᠱᠠᠭᠠᠵᠠᠭᠠᠢ ᠶᠢᠨ ᠠᠮᠠ ᠬᠤᠩᠰᠢᠶᠠᠷ ︽ᠪᠤᠵᠠᠷ︾ ᠲᠤᠯᠠ ᠰᠦ ᠰᠠᠭᠠᠯᠢ ᠪᠠ ᠢᠳᠡᠭᠡᠨ ᠤᠮᠳᠠᠭᠠᠨ ᠤ ᠰᠠᠪᠠᠨ ᠳᠤ  ᠤᠶᠢᠷᠠᠳᠬᠤ ᠶᠢ ᠴᠡᠭᠡᠷᠯᠡᠳᠡᠭ᠃ ᠰᠦ ᠶᠢ ᠬᠠᠷᠠᠩᠭᠤᠢ ᠰᠦᠨᠢ ᠭᠠᠳᠠᠭᠰᠢ ᠭᠠᠷᠭᠠᠬᠤ᠂ ᠠᠶᠢᠯ ᠵᠤᠨ ᠳᠤ ᠦᠭᠭᠦ ᠶᠢ  ᠴᠡᠭᠡᠷᠯᠡᠳᠡᠭ᠃ ᠰᠦ ᠪᠣᠯ ᠠᠷᠢᠭᠤᠨ ᠴᠠᠭᠠᠨ ᠪᠤᠯᠬᠤᠷ ᠬᠠᠷ᠎ᠠ ᠬᠠᠷᠠᠩᠭᠤᠢ ᠲᠠᠢ ᠨᠡᠶᠢᠯᠡᠳᠡᠭ ᠦᠭᠡᠢ᠂ ᠠᠯᠪᠠ ᠪᠠᠷ ᠨᠡᠶᠢᠯᠡᠭᠦᠯᠪᠡᠯ ᠰᠦ ᠪᠤᠵᠠᠷᠳᠤᠨ᠎ᠠ᠃ ᠰᠦ ᠠᠰᠬᠠᠪᠠᠯ ᠠᠮᠠᠨ ᠤ ᠬᠡᠰᠢᠭ ᠲᠤ ᠮᠠᠭᠤ ᠭᠡᠨ᠎ᠡ᠃ ᠰᠠᠨᠠᠭᠠᠨ ᠳᠤ ᠦᠭᠡᠢ  ᠠᠰᠬᠠᠬᠰᠠᠨ ᠪᠠᠶᠢᠪᠠᠯ ᠳᠤᠮᠳᠠ ᠬᠤᠷᠤᠭᠤ ᠪᠠᠷ ᠢᠶᠠᠨ ᠳᠤᠬᠤᠨ ᠳᠠᠭᠠᠨ ᠲᠦᠷᠬᠢᠵᠦ ᠴᠡᠭᠡᠷ ᠲᠠᠶᠢᠯᠤᠨ᠎ᠠ᠃ ᠰᠦ ᠲᠠᠢ  ᠢᠳᠡᠭᠡᠨ ᠲᠠᠢ ᠳᠠᠪᠤᠰᠤᠯᠢᠭ ᠵᠦᠢᠯ ᠢ ᠬᠤᠯᠢᠵᠦ ᠢᠳᠡᠬᠦ ᠶᠢ ᠴᠡᠭᠡᠷᠯᠡᠨ᠎ᠡ᠃ ᠰᠦ ᠳᠡᠭᠡᠷ᠎ᠡ ᠬᠠᠷ᠎ᠠ ᠤᠰᠤ᠂ ᠴᠢᠰᠤ ᠳᠤᠰᠤᠭᠠᠬᠤ ᠶᠢ ᠴᠡᠭᠡᠷᠯᠡᠨ᠎ᠡ᠃ ᠠᠶᠢᠯ ᠳᠤ ᠬᠦᠷᠬᠦ ᠳᠤ ᠠᠶᠢᠯ ᠤᠨ ᠬᠦᠮᠦᠨ ᠬᠤᠲᠠᠨ ᠳᠤᠲᠤᠷ᠎ᠠ ᠪᠠᠨ ᠰᠦ ᠰᠠᠭᠠᠵᠦ  ᠪᠠᠶᠢᠭᠠᠳ ᠰᠠᠭᠤᠯᠭ᠎ᠠ ᠲᠠᠢ ᠰᠦ ᠪᠠᠨ ᠪᠠᠷᠢᠵᠦ ᠤᠭᠲᠤᠵᠦ ᠢᠷᠡᠬᠦ ᠳᠠᠭᠠᠷᠢᠯᠳᠤᠪᠠᠯ᠂ ᠡᠷᠬᠡᠪᠰᠢ ᠰᠦ ᠲᠠᠢ ᠰᠠᠪᠠ ᠶᠢ ᠨᠢ ᠠᠪᠴᠤ ᠪᠠᠷᠢᠭᠠᠳ ᠭᠡᠷ ᠲᠤᠨᠢ ᠤᠷᠤᠬᠤ ᠶᠤᠰᠤᠲᠠᠢ᠃ ᠡᠨᠡ ᠨᠢ ᠴᠠᠭᠠᠨ ᠢᠳᠡᠭᠡ ᠶᠢ ᠲᠡᠷᠢᠭᠦᠨ  ᠵᠡᠷᠭᠡ ᠶᠢᠨ ᠢᠳᠡᠭᠡᠨ ᠭᠡᠵᠤ ᠬᠦᠨᠳᠦᠳᠭᠡᠵᠦ ᠪᠠᠶᠢᠭ᠎ᠠ ᠶᠠᠪᠤᠳᠠᠯ ᠮᠥᠨ᠃ ᠴᠠᠭᠠᠨ ᠢᠳᠡᠭᠡ ᠢᠳᠡᠬᠦ ᠳᠡᠭᠡᠨ ᠰᠠᠪᠬ᠎ᠠ ᠬᠡᠷᠡᠭᠯᠡᠪᠡᠯ ᠴᠠᠭᠠᠨ ᠢᠳᠡᠭᠡ ᠢᠳᠡᠬᠦ ᠠᠮᠠᠨ ᠤ ᠬᠡᠰᠢᠭ ᠦᠭᠡᠢ ᠪᠤᠯᠤᠨ᠎ᠠ᠃ ᠴᠠᠭᠠᠨ ᠢᠳᠡᠭᠡ ᠢᠳᠡᠭᠡᠳ ᠰᠠᠪᠠ ᠶᠢ ᠨᠢ  ᠬᠦᠮᠦᠷᠢᠵᠦ ᠲᠠᠯᠪᠢᠪᠠᠯ ᠪᠤᠶᠠᠨ ᠬᠡᠰᠢᠭ ᠲᠤ ᠮᠠᠭᠤ᠂ ᠰᠦ ᠴᠠᠭᠠᠨ ᠢᠳᠡᠭᠡᠨ ᠤ ᠡᠭᠦᠳᠡ ᠬᠠᠭᠠᠭᠳᠠᠨ᠎ᠠ᠃ ᠴᠠᠭᠠᠨ ᠢᠳᠡᠭᠡ ᠶᠢ ᠤᠷᠢᠳᠤ ᠵᠦᠭ ᠬᠠᠷᠠᠭᠤᠯᠤᠨ ᠠᠶᠠᠭᠠᠯᠠᠬᠤ ᠰᠠᠪᠠᠯᠠᠬᠤ ᠶᠢ ᠴᠡᠭᠡᠷᠯᠡᠨ᠎ᠡ᠃ ᠵᠦᠷᠢᠴᠡᠪᠡᠯ ᠭᠠᠷᠤᠵᠠ ᠭᠠᠷᠤᠯᠭ᠎ᠠ ᠨᠢᠭᠤᠷᠯᠠᠨ᠎ᠠ᠃             
ᠢᠷᠡᠯᠲᠡ᠄ ᠠᠯᠠᠱᠠ ᠮᠣᠩᠭᠤᠯ ᠰᠦᠯᠵᠢᠶ᠎ᠡ