︽ᠡᠷᠬᠡ ᠶᠢ ᠰᠤᠷᠭᠠᠬᠤ ᠪᠠᠷ ᠪᠡᠷᠬᠡ ᠶᠢ ᠰᠤᠷᠭ᠎ᠠ︾ ᠭᠡᠰᠡᠨ ᠰᠤᠷᠭᠠᠯ ᠦᠭᠡ ᠨᠢ ᠠᠯᠢ ᠡᠷᠲᠡ ᠮᠣᠩᠭᠤᠯᠴᠣᠤᠨ ᠤᠨ ᠦᠷ᠎ᠡ ᠬᠡᠦᠬᠡᠳ ᠢᠶᠠᠨ ᠰᠤᠷᠭᠠᠨ | ᠬᠦᠮᠦᠵᠢᠭᠦᠯᠵᠦ ᠪᠠᠶᠢᠬᠰᠠᠨ ᠭᠦᠨ ᠤᠬᠠᠭᠠᠨᠲᠤ ᠵᠦᠢ ᠶᠣᠰᠣᠨ ᠳᠤ ᠨᠡᠶᠢᠴᠡᠭᠰᠡᠨ ᠰᠡᠴᠡᠨ ᠰᠠᠶᠢᠬᠠᠨ ᠰᠤᠷᠭᠠᠯ ᠦᠭᠡ ᠶᠤᠮᠰᠠᠨ︕ | ᠮᠣᠩᠭᠤᠯᠴᠣᠤᠨ ᠦᠷ᠎ᠡ ᠬᠡᠦᠬᠡᠳ ᠢᠶᠠᠨ ᠶᠡᠷᠦ ᠨᠢ ᠪᠠᠯᠴᠢᠷ ᠪᠠᠭ᠎ᠠ ᠠᠴᠠ ᠨᠢ ᠴᠢᠳᠠᠯ ᠤᠨ ᠬᠢᠷᠢ ᠳᠤ ᠨᠢ ᠲᠣᠬᠢᠷᠠᠬᠰᠠᠨ ᠭᠡᠷ ᠪᠦᠯᠢ ᠶᠢᠨ ᠠᠷᠰᠠᠷ ᠠᠵᠢᠯ ᠢ | ᠭᠠᠷᠳᠠᠨ ᠬᠢᠯᠭᠡᠳᠡᠭ ᠤᠯᠠᠮᠵᠢᠯᠠᠯᠲᠤ ᠵᠠᠩᠰᠢᠯ ᠲᠠᠢ᠃ ᠳᠠᠷᠤᠢ ᠨᠢᠯᠬ᠎ᠠ ᠬᠡᠦᠬᠡᠳ ᠬᠤᠭᠤᠯᠠ ᠪᠤᠳᠠᠭ᠎ᠠ ᠢᠳᠡᠵᠦ ᠴᠢᠳᠠᠮᠠᠬᠴᠠ ᠪᠠᠷᠠᠭᠤᠨ ᠭᠠᠷ ᠢᠶᠠᠷ ᠢᠶᠠᠨ ᠰᠠᠪᠬ᠎ᠠ | ᠪᠠᠷᠢᠬᠤ ᠶᠢ ᠵᠢᠭᠠᠵᠤ᠂ ᠬᠡᠯᠡᠨ ᠳᠤ ᠣᠷᠤᠬᠤᠶ᠎ᠠ ᠡᠷᠬᠡᠯᠡᠬᠦ ᠠᠶᠠᠰ ᠲᠠᠢ ᠦᠭᠡ ᠶᠠᠷᠢᠵᠤ ᠤᠶᠢᠯᠡ ᠭᠠᠷᠭᠠᠬᠤ ᠶᠢ ᠡᠷᠡᠰ ᠬᠤᠷᠢᠬᠯᠠᠨ ᠴᠠᠭᠠᠵᠠᠯᠠᠳᠠᠭ᠃ ᠠᠯᠬᠤᠵᠤ | ᠬᠢᠰᠭᠢᠨ ᠶᠠᠪᠤᠵᠤ ᠰᠠᠭᠤᠵᠤ ᠴᠢᠳᠠᠬᠤ ᠪᠣᠯᠤᠮᠠᠬᠴᠠ ᠲᠥᠷᠪᠡᠨ ᠵᠦᠭ ᠨᠠᠢᠮᠠᠨ ᠵᠣᠪᠬᠢᠰ᠂ ᠳᠡᠭᠡᠷ᠎ᠡ ᠳᠣᠤᠷ᠎ᠠ ᠶᠢ ᠲᠠᠨᠢᠭᠤᠯᠵᠤ᠂ ᠮᠡᠬᠦ᠋ᠢᠨ ᠶᠤᠰᠤᠯᠠᠬᠤ ᠶᠣᠰᠣ ᠤᠴᠢᠷ ᠢ | ᠮᠡᠳᠡᠬᠦ ᠲᠠᠢ ᠵᠡᠷᠭᠡᠪᠡᠷ ᠡᠴᠢᠭᠡ ᠡᠬᠡ ᠠᠬᠠᠰ ᠵᠠᠬᠠᠰ ᠢᠶᠠᠨ ᠬᠦᠡᠳᠦᠯᠡᠨ ᠬᠦᠨᠳᠦᠦᠨᠬᠡᠵᠦ ᠠᠰᠠᠷᠠᠨ ᠬᠠᠷᠠᠭᠠᠯᠵᠠᠬᠤ ᠶᠢ ᠰᠤᠷᠭᠠᠳᠠᠭ ᠵᠠᠩ ᠵᠠᠩᠰᠢᠯ ᠲᠠᠢ ᠪᠠᠶᠢᠳᠠᠭ | ᠲᠣᠳᠤᠷᠬᠠᠢ ᠲᠡᠮᠳᠡᠭᠯᠡᠯ ᠨᠣᠮ ᠪᠢᠴᠢᠭ ᠠᠴᠠ ᠤᠩᠰᠢᠬᠳᠠᠨᠠ᠃ | ᠮᠤᠩᠭᠤᠯ ᠬᠦᠮᠦᠨ ᠦᠷ᠎ᠡ ᠬᠡᠦᠬᠡᠳ ᠢᠶᠠᠨ ᠬᠠᠷᠠᠬᠠᠨ ᠪᠠᠭ᠎ᠠ ᠠᠴᠠ ᠨᠢ ︽ᠬᠠᠯᠠ ᠨᠢ ᠭᠠᠳᠠᠨ᠎ᠠ ᠪᠠᠨ᠂ ᠬᠠᠶᠢᠷ᠎ᠠ ᠨᠢ ᠳᠣᠳᠤᠷ᠎ᠠ ᠪᠠᠨ︾ ᠬᠡᠮᠡᠨ ᠥᠩᠭᠡᠨ ᠲᠠᠯ᠎ᠠ | ᠳᠡᠭᠡᠷ᠎ᠡ ᠪᠠᠨ ᠡᠷᠬᠡᠯᠡᠭᠦᠯᠦᠨ ᠰᠤᠷᠭᠠᠬᠤ ᠶᠢ ᠡᠰᠡᠷᠭᠦᠴᠡᠨ ᠬᠤᠷᠢᠬᠯᠠᠵᠤ ︽ᠡᠷᠬᠡ ᠲᠠᠢ ᠬᠡᠦᠬᠡᠳ ᠡᠴᠢᠭᠡ ᠶᠢᠨ ᠢᠶᠠᠨ ᠲᠣᠯᠤᠭᠠᠢ ᠪᠠᠷ ᠨᠠᠭᠠᠳᠤᠨ᠎ᠠ︾ ᠭᠡᠵᠦ ᠦᠵᠡᠳᠡᠭ᠃ | ᠡᠶᠢᠨᠬᠦ ᠬᠡᠦᠬᠡᠳ ᠢ ᠶᠡᠷᠦᠨᠢ ᠡᠷᠬᠡᠯᠡᠭᠦᠯᠳᠡᠭ ᠦᠭᠡᠢ᠃ ᠬᠡᠦᠬᠡᠳ ᠢ ᠡᠷᠬᠡᠯᠡᠭᠦᠯᠬᠦ ᠨᠢ ᠲᠡᠳᠡᠨᠦᠰ ᠤᠨ ᠪᠡᠶ᠎ᠡ ᠪᠠᠨ ᠳᠠᠭᠠᠭᠠᠬᠤ ᠴᠢᠳᠠᠪᠤᠷᠢ ᠶᠢ ᠬᠦᠮᠦᠵᠢᠭᠦᠯᠬᠦ ᠳᠤ | ᠠᠰᠢᠭ ᠦᠭᠡᠢ ᠪᠠᠶᠢᠳᠠᠭ᠃ ᠦᠷ᠎ᠡ ᠬᠡᠦᠬᠡᠳ ᠪᠣᠯ ᠡᠴᠢᠭᠡ ᠡᠬᠡ ᠶᠢᠨ ᠢᠶᠠᠨ ᠠᠮᠢᠨ ᠰᠠᠬᠢᠭᠤᠰᠤ᠂ ᠦᠷ᠎ᠡ ᠪᠢᠰᠢ ᠵᠢᠷᠦᠬᠡ ᠪᠠᠶᠢᠳᠠᠭ᠃ ᠦᠷ᠎ᠡ ᠬᠡᠦᠬᠡᠳ ᠢᠶᠠᠨ | ᠬᠠᠶᠢᠷᠠᠯᠠᠬᠤ ᠨᠢ ᠬᠦᠮᠦᠨ ᠲᠥᠷᠦᠯᠬᠢᠲᠡᠨ ᠤ ᠲᠥᠷᠦᠯᠬᠢ ᠴᠢᠨᠠᠷ ᠪᠣᠯᠵᠤ ᠲᠠᠭᠠᠷᠠᠨ᠎ᠠ᠃ ᠭᠡᠬᠦ ᠳᠤ᠂ ᠥᠪ ᠥᠨᠡᠨᠬᠦ ᠬᠠᠶᠢᠷᠠᠯᠠᠵᠤ ᠴᠢᠳᠠᠬᠤ ᠡᠰᠡᠬᠦ ᠨᠢ ᠪᠠᠰᠠᠴᠤ | ᠨᠢᠭᠡᠨ ᠰᠢᠨᠵᠢᠯᠡᠬᠦ ᠤᠬᠠᠭᠠᠨᠴᠢ ᠨᠢᠭᠤᠴᠠ ᠪᠠᠶᠢᠭ᠎ᠠ ᠶᠤᠮ᠃ ᠣᠳᠣᠬᠠᠨ ᠤ ᠭᠠᠭᠴᠠ ᠬᠤᠶᠠᠷ ᠬᠡᠦᠬᠡᠳ ᠭᠡᠷ ᠪᠦᠯᠢ ᠳᠤ ᠪᠠᠨ ᠪᠦᠷ ︽ᠬᠠᠭᠠᠨ︾ ᠪᠠᠶᠢᠵᠤ᠂ ︽ | ᠠᠮᠠᠨ ᠳᠤ ᠪᠠᠨ ᠬᠢᠪᠡᠯ ᠬᠠᠶᠢᠯᠠᠮᠠᠷ ᠠᠯᠠᠭᠠᠨ ᠳᠤ ᠪᠠᠨ ᠲᠠᠯᠪᠢᠪᠠᠯ ᠪᠥᠮᠪᠦᠷᠢᠮᠡᠷ︾ ᠰᠠᠨᠠᠵᠤ᠂ ᠡᠷᠬᠡ ᠶᠢ ᠰᠤᠷᠬᠤ ᠠᠴᠠ ᠪᠢᠰᠢ ᠪᠡᠷᠬᠡ ᠶᠢ ᠰᠤᠷᠬᠤ ᠦᠭᠡᠢ ᠠᠯᠵᠠᠭᠤ | ᠵᠠᠯᠬᠠᠭᠤ ᠠᠷᠳᠠᠭ ᠲᠠᠩᠬᠠᠢ ᠪᠣᠯᠵᠤ ᠪᠠᠶᠢᠭ᠎ᠠ ᠭᠤᠨᠢᠬᠳᠤ ᠦᠵᠡᠭᠳᠡᠯ ᠢ ᠦᠨᠡᠨᠬᠦ ᠰᠡᠷᠡᠨ ᠮᠡᠳᠡᠵᠦ ᠰᠡᠦᠨᠬᠢᠯᠴᠢᠯᠡᠨ ᠵᠠᠰᠠᠬᠤ ᠶᠠᠪᠤᠳᠠᠯ ᠪᠠᠴᠢᠮ ᠲᠤᠯᠭᠠᠮ᠎ᠡ | ᠱᠠᠭᠠᠷᠳᠠᠬᠳᠠᠵᠤ ᠪᠠᠶᠢᠨ᠎ᠡ᠃ | ︽ᠡᠷᠬᠡ ᠶᠢ ᠰᠤᠷᠬᠤ︾ ᠨᠢ ᠥᠪᠡᠷ ᠤᠨ ᠪᠡᠶ᠎ᠡ ᠳᠤ ᠠᠰᠢᠭ ᠦᠭᠡᠢ ᠮᠦᠷᠳᠡᠭᠡᠨ ᠬᠤᠤᠷ ᠲᠠᠢ ᠪᠠᠶᠢᠵᠤ᠂ ︽ ᠪᠡᠷᠬᠡ ᠶᠢ ᠰᠤᠷᠬᠤ︾ ᠨᠢ ᠠᠮᠢᠳᠤᠷᠠᠯ | ᠤᠶᠢᠯᠡᠰ ᠲᠤ ᠠᠰᠢᠳᠠ ᠳᠤᠰᠠᠲᠠᠢ ᠪᠣᠯᠬᠤᠷ ᠦᠷ᠎ᠡ ᠬᠡᠦᠬᠡᠳ ᠢᠶᠠᠨ ᠰᠤᠷᠭᠠᠬᠤ ᠳᠠᠭᠠᠨ ︽ᠡᠷᠬᠡ ᠶᠢ ᠰᠤᠷᠭᠠᠬᠤ ᠪᠠᠷ ᠪᠡᠷᠬᠡ ᠶᠢ ᠰᠤᠷᠭ᠎ᠠ︾ ᠭᠡᠰᠡᠨ ᠤᠯᠠᠮᠵᠢᠯᠠᠯᠲᠤ | ᠰᠤᠷᠭᠠᠯ ᠦᠭᠡ ᠶᠢᠨ ᠤᠬ ᠰᠠᠨᠠᠭ᠎ᠠ ᠶᠢ ᠭᠦᠨᠵᠡᠭᠡᠢ ᠤᠶᠢᠯᠠᠭᠠᠵᠤ᠂ ᠰᠤᠷᠤᠬᠰᠠᠨ ᠮᠡᠳᠡᠯᠭᠡ ᠰᠣᠳᠣᠨ ᠤᠬᠠᠭᠠᠨ ᠬᠦᠴᠦᠨ ᠴᠢᠳᠠᠯ ᠢᠶᠠᠨ ᠨᠡᠶᠢᠭᠡᠮ ᠳᠤ ᠪᠠᠨ ᠡᠷᠭᠦᠵᠦ | ᠂ ᠨᠡᠶᠢᠲᠡ ᠳᠤ ᠪᠠᠨ ᠵᠣᠷᠢᠭᠤᠯᠵᠤ ᠶᠠᠪᠤᠬᠤ ᠨᠢ ᠵᠠᠯᠠᠭᠤ ᠡᠴᠢᠭᠡ ᠡᠭᠡ ᠪᠤᠯᠤᠬᠰᠠᠳ ᠤᠨ ᠴᠢᠬᠤᠯᠨ ᠬᠠᠷᠢᠭᠤᠴᠠᠯᠭ᠎ᠠ ᠰᠢᠤ ᠳ᠋ᠡ︕ | |