ᠳᠠᠪᠣᠰᠣᠨ ᠤ ᠣᠨᠴᠠᠭᠠᠢ ᠦᠢᠯᠡᠳᠦᠯ
ᠨᠡᠶᠢᠲᠡᠯᠡᠭᠰᠡᠨ ᠴᠠᠭ᠄
2022/5/9
     1. ᠵᠣᠨ ᠤ ᠬᠠᠯᠠᠭᠤᠨ ᠳᠤ ᠳᠠᠪᠣᠰᠦ ᠲᠠᠢ ᠪᠣᠴᠠᠯᠣᠭᠰᠠᠨ ᠣᠰᠦ ᠶᠢ ᠦᠷᠬᠦᠯᠵᠢ ᠣᠣᠭᠤᠵᠦ ᠪᠠᠶᠢᠪᠠᠯ᠂ ᠪᠡᠶ᠎ᠡ ᠠᠴᠠ  ᠬᠦᠯᠦᠰᠦ ᠠᠷᠪᠢᠨ ᠭᠠᠷᠣᠭᠠᠳ ᠳᠠᠪᠣᠰᠣᠨ ᠤ ᠪᠦᠷᠢᠯᠳᠦᠬᠦᠨ ᠳᠣᠳᠠᠭᠳᠠᠬᠤ ᠶᠢ ᠨᠦᠬᠦᠪᠦᠷᠢᠯᠡᠵᠦ ᠴᠢᠳᠠᠬᠤ ᠪᠠᠷ ᠪᠠᠷᠠᠬᠤ  ᠦᠭᠡᠢ ᠨᠠᠷᠠᠰᠢᠬᠤ ᠠᠴᠠ ᠰᠡᠷᠭᠡᠶᠢᠯᠡᠵᠦ ᠴᠢᠳᠠᠨ᠎ᠠ᠃       2. ᠳᠠᠭᠤᠣ ᠳᠠᠭᠤᠯᠠᠬᠤ ᠠᠴᠠ ᠪᠠᠨ ᠡᠮᠦᠨ᠎ᠡ ᠳᠠᠪᠣᠰᠦ ᠲᠠᠢ ᠪᠣᠴᠠᠯᠣᠭᠰᠠᠨ ᠣᠰᠦ ᠣᠣᠭᠤᠪᠠᠯ ᠬᠤᠭᠤᠯᠠᠢ ᠬᠠᠳᠠᠬᠤ  ᠪᠣᠶᠣ ᠳᠠᠭᠤ ᠰᠦᠬᠡᠩᠬᠡᠶᠢᠷᠡᠬᠦ ᠶᠢ ᠰᠡᠷᠬᠡᠶᠢᠯᠡᠨ᠎ᠡ᠃     3. ᠬᠠᠰᠢ ᠶᠢᠨ ᠦᠨᠳᠣᠰᠦ ᠶᠢ ᠳᠠᠪᠣᠰᠦ ᠲᠠᠢ ᠣᠰᠣᠨ ᠳᠤ ᠴᠢᠨᠠᠭᠠᠳ ᠬᠦᠯ ᠢᠶᠠᠨ ᠣᠬᠢᠶᠠᠪᠠᠯ ᠬᠦᠯ ᠤᠨ  ᠪᠠᠯᠴᠢᠷᠣᠣ ᠶᠢ ᠠᠷᠢᠯᠭᠠᠨ᠎ᠠ᠃       4. ᠳᠠᠪᠣᠰᠦ ᠲᠠᠢ ᠣᠰᠦ ᠨᠢ ᠪᠠᠺᠲ᠋ᠧᠷᠢ ᠶᠢ ᠣᠰᠠᠳᠬᠠᠬᠤ ᠳᠤ ᠵᠣᠬᠢᠬᠤ ᠬᠡᠮᠵᠢᠶᠡᠨ ᠤ ᠦᠢᠯᠡᠳᠦᠯ ᠲᠠᠢ ᠪᠣᠯᠬᠤᠷ ᠬᠦᠩᠬᠡᠨ ᠰᠢᠷᠬ᠎ᠠ᠂ ᠬᠠᠯᠠᠭᠠᠭᠰᠠᠨ ᠰᠢᠷᠬ᠎ᠠ ᠶᠢ ᠳᠠᠪᠣᠰᠦ ᠲᠠᠢ ᠣᠰᠦ ᠪᠠᠷ ᠣᠬᠢᠶᠠᠪᠡᠯ ᠡᠪᠡᠳᠬᠦ ᠶᠢ ᠬᠦᠩᠬᠡᠷᠡᠬᠦᠯᠬᠦ ᠦᠢᠯᠡᠳᠦᠯ ᠲᠠᠢ᠃       5. ᠦᠶ᠎ᠡ ᠬᠡᠰᠢᠬᠦᠨ ᠤ ᠡᠪᠡᠳᠴᠢᠨ ᠲᠠᠢ ᠬᠦᠮᠦᠰ ᠳᠠᠪᠣᠰᠦ ᠶᠢ ᠬᠠᠯᠠᠭᠠᠭᠠᠳ ᠣᠭᠤᠳᠠᠨ ᠳᠤ ᠬᠢᠵᠦ ᠡᠪᠡᠳᠴᠦ  ᠪᠠᠶᠢᠭ᠎ᠠ ᠭᠠᠵᠠᠷ ᠲᠠᠭᠠᠨ ᠵᠢᠩ ᠪᠠᠷᠢᠪᠠᠯ ᠡᠪᠡᠳᠬᠦ ᠶᠢ ᠨᠢ ᠨᠠᠮᠳᠠᠭᠤᠯᠳᠠᠭ᠃       6. ᠦᠷᠯᠦᠭᠡ ᠪᠦᠷᠢ ᠨᠢᠭᠡ ᠴᠣᠮᠣ ᠳᠠᠪᠣᠰᠦ ᠲᠠᠢ ᠣᠰᠦ ᠣᠣᠭᠤᠪᠠᠯ ᠬᠤᠷᠭᠤᠰᠣᠯᠠᠬᠤ ᠠᠴᠠ ᠰᠡᠷᠬᠡᠶᠢᠯᠡᠵᠦ ᠴᠢᠳᠠᠨ᠎ᠠ ᠃       7. ᠨᠢᠭᠡ ᠵᠢᠩ ᠳᠠᠪᠣᠰᠦ ᠶᠢ ᠬᠠᠭᠤᠷᠴᠦ ᠬᠠᠯᠠᠭᠤᠯᠣᠭᠠᠳ ᠬᠦᠢᠰᠦᠨ ᠳᠡᠭᠡᠷ᠎ᠡ ᠪᠠᠨ ᠵᠢᠩ ᠪᠠᠷᠢᠪᠠᠯ ᠪᠦᠭᠡᠷᠳᠡᠭ  ᠡᠪᠡᠳᠴᠢᠨ ᠶᠢ ᠵᠠᠰᠠᠨ᠎ᠠ᠃       8. ᠳᠠᠪᠣᠰᠦ ᠪᠠ ᠡᠯᠡᠰᠦ ᠶᠢ ᠣᠰᠣᠨ ᠳᠤ ᠪᠠᠭ᠎ᠠ ᠬᠢᠵᠦ ᠳᠣᠯᠣᠭᠠᠢ ᠪᠠᠨ ᠣᠬᠢᠶᠠᠪᠡᠯ ᠳᠣᠯᠣᠭᠠᠢ ᠵᠠᠭᠠᠳᠣᠨᠠᠬᠤ᠂ ᠬᠡᠵᠢᠭᠡ ᠣᠨᠠᠬᠤ ᠶᠢ ᠵᠠᠰᠠᠬᠤ ᠮᠦᠷᠳᠡᠭᠡᠨ ᠳᠣᠯᠣᠭᠠᠢ ᠶᠢᠨ ᠬᠠᠭ ᠢ ᠪᠠᠭᠠᠰᠬᠠᠬᠤ ᠪᠣᠯᠣᠨ᠎ᠠ᠃       9. ᠬᠦᠯᠳᠡᠭᠰᠡᠨ ᠰᠢᠷᠬ᠎ᠠ ᠶᠢ ᠳᠠᠪᠣᠰᠦ ᠲᠠᠢ ᠬᠠᠯᠠᠭᠤᠨ ᠣᠰᠦ ᠪᠠᠷ ᠣᠬᠢᠶᠠᠪᠠᠯ ᠵᠠᠭᠠᠳᠣᠨᠠᠬᠤ ᠶᠢ ᠵᠣᠭᠰᠣᠭᠠᠵᠦ  ᠴᠢᠳᠠᠨ᠎ᠠ᠃       10. ᠵᠣᠬᠢᠬᠤ ᠬᠡᠮᠵᠢᠶᠡᠨ ᠤ ᠳᠠᠪᠣᠰᠦ ᠶᠢ ᠵᠢᠩᠨᠡᠵᠦ ᠬᠠᠯᠠᠭᠤᠯᠣᠭᠠᠳ ᠣᠭᠤᠳᠠᠨ ᠳᠤ ᠬᠢᠵᠦ ᠳᠠᠷᠠᠯᠡᠪᠡᠯ ᠴᠢᠬᠢ ᠬᠠᠩᠬᠢᠨᠠᠬᠤ ᠶᠢ ᠵᠠᠰᠠᠨ᠎ᠠ᠃       11. ᠳᠠᠪᠣᠰᠦ ᠲᠠᠢ ᠣᠰᠦ ᠪᠠᠷ ᠨᠢᠯᠬ᠎ᠠ ᠬᠡᠣᠬᠡᠳ ᠤᠨ ᠪᠡᠶ᠎ᠡ ᠶᠢ ᠣᠬᠢᠶᠠᠪᠠᠯ ᠰᠢᠷ᠎ᠠ ᠦᠰᠦ ᠶᠢ ᠨᠢ ᠣᠨᠠᠭᠠᠬᠤ ᠮᠦᠷᠳᠡᠭᠡᠨ ᠪᠡᠶ᠎ᠡ ᠨᠢ ᠳᠠᠭᠠᠯᠠᠮᠵᠢᠳᠠᠢ ᠪᠣᠯᠵᠦ ᠬᠠᠩᠭᠠᠮᠵᠢᠳᠠᠢ ᠣᠨᠳᠠᠳᠠᠭ᠃      12.ᠬᠤᠷᠣᠬᠠᠢ ᠰᠢᠪᠠᠵᠢ ᠳᠤ ᠬᠠᠵᠠᠭᠳᠠᠭᠰᠠᠨ ᠭᠠᠵᠠᠷ ᠢ ᠳᠠᠪᠣᠰᠦ ᠲᠠᠢ ᠣᠰᠦ ᠪᠠᠷ ᠣᠬᠢᠶᠠᠵᠦ ᠠᠷᠢᠭᠤᠳᠬᠠᠪᠠᠯ  ᠵᠠᠭᠠᠳᠣᠨᠠᠵᠦ ᠡᠪᠡᠳᠬᠦ ᠨᠢ ᠵᠦᠬᠡᠷ ᠪᠣᠯᠳᠠᠭ᠃       13.  ᠬᠦᠢᠳᠡᠨ ᠢᠶᠠᠷ ᠳᠠᠪᠣᠰᠠᠩ ᠡᠪᠡᠳᠬᠦ ᠪᠣᠶᠣ ᠰᠢᠬᠡᠰᠦ ᠬᠤᠷᠢᠭᠳᠠᠪᠠᠯ ᠳᠠᠪᠣᠰᠦ ᠶᠢ ᠬᠠᠭᠤᠷᠴᠦ ᠬᠠᠯᠠᠭᠤᠯᠣᠭᠠᠳ ᠪᠦᠰ ᠣᠭᠤᠳᠠᠨ ᠳᠤ ᠬᠢᠵᠦ ᠳᠠᠪᠣᠰᠠᠩ ᠳᠡᠭᠡᠷ᠎ᠡ ᠪᠠᠨ ᠬᠠᠯᠠᠭᠤᠨ ᠵᠢᠩ ᠪᠠᠷᠢᠪᠡᠯ ᠳᠣᠰᠠᠯᠠᠨ᠎ᠠ᠃       14. ᠬᠤᠣᠷᠳᠠᠢ ᠢᠳᠡᠬᠡᠨ ᠢ ᠢᠳᠡᠭᠰᠡᠨ ᠬᠦᠮᠦᠨ ᠳᠠᠪᠣᠰᠦ ᠲᠠᠢ ᠪᠣᠴᠠᠯᠣᠭᠰᠠᠨ ᠣᠰᠦ ᠣᠣᠭᠤᠪᠠᠯ ᠬᠤᠣᠷ ᠨᠢ ᠳᠠᠶᠢᠯᠣᠭᠳᠠᠨ᠎ᠠ᠃  
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ