ᠠᠶᠤᠯ ᠲᠠᠢ︕ ᠡᠶᠢᠮᠤ ᠳ᠋ᠧᠩ ᠢ ᠪᠢᠲᠡᠭᠡᠶ ᠳᠤᠷ᠎ᠠ ᠪᠠᠷ ᠢᠶᠠᠨ ᠬᠡᠷᠡᠭᠯᠡ᠂ ᠰᠤᠬᠤᠷᠴᠤ ᠮᠡᠳᠡᠨ᠎ᠡ
ᠨᠡᠶᠢᠲᠡᠯᠡᠭᠰᠡᠨ ᠴᠠᠭ᠄
2022/5/9
      ᠮᠠᠰᠢ ᠣᠯᠠᠨ ᠬᠥᠮᠦᠨ ᠰᠡᠭᠦᠳᠡᠷ ᠲᠠᠲᠠᠬᠤ᠂ ᠸᠢᠳᠢᠣ᠋ ᠰᠢᠩᠭᠡᠭᠡᠬᠦ᠂ ᠰᠢᠭᠤᠳ ᠨᠡᠪᠲᠡᠷᠡᠭᠦᠯᠭᠡ ᠬᠢᠬᠦ ᠦᠶᠡᠰ ᠭᠤᠶᠤ ᠰᠠᠶᠢᠬᠠᠨ ᠢ ᠬᠥᠭᠡᠭᠡᠴᠡᠯᠳᠦᠬᠦ ᠶᠢᠨ ᠲᠤᠰᠠᠲᠠ ᠪᠦᠷ ᠤᠷᠴᠢᠨ ᠦᠵᠡᠮᠤᠷᠢ ᠶᠢᠨ ᠳ᠋ᠧᠩ ︵氛围灯︶  ᠲᠤᠬᠢᠷᠠᠭᠤᠯᠳᠠᠭ᠃            ᠣᠶᠢᠷ᠎ᠠ ᠳᠤ᠂ ᠵᠠᠷᠢᠮ ᠬᠤᠪᠢ ᠶᠢᠨ ᠵᠠᠭᠤᠴᠢᠯᠠᠭᠤᠷ ᠤᠨ ᠪᠦᠷᠭᠡ ᠶᠢᠨ ᠡᠵᠡᠨ ᠵᠣᠬᠢᠶᠠᠯ ᠨᠡᠶᠢᠲᠡᠯᠡᠵᠦ᠂ ᠪᠢ ᠤᠷᠴᠢᠨ ᠦᠵᠡᠮᠤᠷᠢ ᠶᠢᠨ ᠳ᠋ᠧᠩ ᠬᠡᠷᠡᠭᠯᠡᠭᠰᠡᠨ ᠠᠴᠠ ᠪᠣᠯᠵᠣ ᠨᠢᠳᠦ ᠭᠡᠮᠲᠦᠵᠦ᠂ ᠰᠢᠷ᠎ᠠ ᠲᠣᠯᠪᠤ ᠨᠢ ᠴᠢᠰᠤ ᠭᠠᠷᠴᠤ᠂ ᠬᠠᠷᠠᠭ᠎ᠠ ᠬᠦᠨᠳᠦ ᠨᠣᠴᠢᠲᠠᠶ ᠮᠠᠭᠤᠳᠠᠵᠠᠶ ᠭᠡᠪᠡ᠃            ᠤᠷᠴᠢᠨ ᠦᠵᠡᠮᠤᠷᠢ ᠶᠢᠨ ᠳ᠋ᠧᠩ ᠪᠣᠯ LED ᠳ᠋ᠧᠩ ᠤᠨ ᠨᠢᠭᠡ ᠵᠦᠢᠯ ᠪᠣᠯᠤᠨ᠎ᠠ᠂ ᠥᠪᠡᠷ ᠤᠨ ᠬᠡᠷᠡᠭᠴᠡᠭᠡ ᠪᠠᠨ ᠦᠨᠳᠦᠰᠦᠯᠡᠨ ᠳ᠋ᠧᠩ ᠤᠨ ᠭᠡᠷᠡᠯ᠂ ᠤᠢᠩᠭᠡ ᠵᠡᠷᠭᠡ ᠶᠢᠨ ᠬᠤᠪᠢᠷᠠᠯᠲᠠ ᠶᠢ ᠲᠤᠬᠢᠷᠠᠭᠤᠯᠤᠨ ᠡᠵᠡᠮᠳᠡᠵᠦ ᠪᠣᠯᠤᠨ᠎ᠠ᠃ ᠮᠠᠰᠢ ᠭᠡᠷᠡᠯᠲᠡᠢ ᠤᠷᠴᠢᠨ ᠦᠵᠡᠮᠤᠷᠢ ᠶᠢᠨ ᠳ᠋ᠧᠩ ᠳᠤ ᠶᠡᠭᠡ ᠬᠡᠮᠵᠢᠶᠡᠨ ᠤ ᠡᠷᠴᠢᠳᠤ ᠡᠨᠧᠷᠭᠢ ᠶᠢᠨ ᠣᠬᠤᠷ ᠳᠣᠯᠭᠢᠶᠠᠨᠲᠤ ᠬᠥᠬᠡ ᠭᠡᠷᠡᠯ ᠠᠭᠤᠯᠤᠭᠳᠠᠵᠤ᠂ ᠲᠡᠷᠡ ᠨᠢ ᠲᠠᠯᠠᠰᠯᠢᠭ ᠴᠤᠭᠴᠠ ᠶᠢ ᠨᠡᠪᠲᠡᠯᠦᠨ ᠰᠢᠭᠤᠳ ᠨᠢᠳᠦᠨ ᠤ ᠲᠣᠣᠷᠯᠢᠭ ᠪᠦᠷᠬᠦᠪᠴᠢ ᠳᠤ ᠬᠦᠷᠴᠦ᠂ ᠦᠷᠭᠦᠯᠵᠢᠯᠡᠨ ᠤᠷᠲᠤ ᠬᠤᠭᠤᠴᠠᠭ᠎ᠠ ᠬᠡᠷᠡᠭᠯᠡᠪᠡᠯ ᠨᠢᠳᠦᠨ ᠤ ᠲᠣᠣᠷᠯᠢᠭ ᠪᠦᠷᠬᠦᠪᠴᠢ ᠳᠤ ᠴᠢᠯᠥᠭᠡᠲᠦ ᠢᠵᠠᠭᠤᠷ ᠡᠭᠦᠰᠦᠨ᠎ᠡ᠂ ᠡᠳᠡᠭᠡᠷ ᠴᠢᠯᠥᠭᠡᠲᠦ ᠢᠵᠠᠭᠤᠷ ᠨᠢ ᠨᠢᠳᠦᠨ ᠤ ᠲᠣᠣᠷᠯᠢᠭ ᠪᠦᠷᠬᠦᠪᠴᠢ ᠶᠢᠨ ᠥᠩᠭᠡᠲᠦ ᠡᠳ᠋ ᠤᠨ ᠬᠥᠷᠥᠰᠥᠨ ᠡᠰ ᠢ ᠦᠬᠦᠭᠦᠯᠵᠦ᠂ ᠨᠢᠳᠦᠨ ᠤ ᠲᠣᠣᠷᠯᠢᠭ ᠪᠦᠷᠬᠦᠪᠴᠢ ᠳᠤ ᠡᠭᠦᠷᠢᠳᠡ ᠶᠢᠨ ᠴᠢᠨᠠᠷᠲᠠᠶ ᠭᠡᠮᠲᠦᠯ ᠡᠭᠦᠰᠭᠡᠨ᠎ᠡ᠃            ᠨᠢᠳᠦᠨ ᠳᠤ ᠬᠤᠣᠷ ᠬᠥᠨᠥᠭᠡᠯ ᠤᠴᠠᠷᠠᠭᠤᠯᠬᠤ ᠠᠴᠠ ᠭᠠᠳᠠᠨ᠎ᠠ᠂ ᠡᠷᠴᠢᠳᠤ ᠡᠨᠧᠷᠭᠢ ᠶᠢᠨ ᠣᠬᠤᠷ ᠳᠣᠯᠭᠢᠶᠠᠨᠲᠤ ᠬᠥᠬᠡ ᠭᠡᠷᠡᠯ ᠨᠢ ᠪᠠᠰᠠ ᠬᠠᠷ᠎ᠠ ᠥᠩᠭᠡᠨ ᠡᠳ᠋ ᠤᠨ ᠰᠢᠭᠦᠷᠡᠯᠲᠡ ᠶᠢ ᠬᠤᠷᠢᠭᠯᠠᠵᠤ᠂ ᠬᠥᠮᠦᠨ ᠤ ᠬᠡᠪ ᠤᠨ  ᠠᠮᠢᠳᠤ ᠪᠣᠳᠠᠰ ᠤᠨ ᠬᠡᠮᠨᠡᠯ ᠢ ᠬᠠᠷᠰᠢᠯᠠᠵᠤ᠂ ᠤᠷᠮ᠎ᠠ ᠰᠡᠳᠬᠢᠯᠭᠡ᠂ ᠨᠤᠶᠢᠷ᠂ ᠠᠩᠬᠠᠷᠤᠯ ᠵᠡᠷᠭᠡ ᠶᠢ ᠨᠥᠯᠥᠭᠡᠯᠡᠵᠦ᠂  ᠴᠢᠨᠠᠭᠰᠢᠯᠠᠨ ᠰᠣᠯᠢᠯᠴᠠᠭᠠᠨ ᠤ ᠰᠠᠮᠠᠭᠤᠷᠠᠯ ᠢ ᠡᠭᠦᠰᠭᠡᠵᠦ᠂ ᠵᠢᠷᠦᠬᠡ ᠴᠢᠰᠤᠨ ᠰᠤᠳᠠᠯ ᠤᠨ ᠡᠪᠡᠳᠴᠢᠨ᠂ ᠰᠢᠬᠢᠷ ᠰᠢᠵᠢᠩ ᠡᠪᠡᠳᠴᠢᠨ ᠣᠯᠬᠤ ᠵᠡᠷᠭᠡ ᠠᠶᠤᠯ ᠲᠦᠭᠰᠢᠭᠦᠷᠢ ᠶᠢ ᠨᠡᠮᠡᠭᠳᠡᠭᠦᠯᠦᠨ᠎ᠡ᠃    
ᠢᠷᠡᠯᠲᠡ᠄ ᠠᠷᠠᠳ ᠤᠨ ᠮᠣᠩᠭᠤᠯ ᠰᠦᠯᠵᠢᠶ᠎ᠡ