ᠨᠢᠳᠦᠨ ᠤ ᠴᠢᠯᠡᠭᠡ ᠶᠢ ᠲᠠᠶᠢᠯᠬᠤ ᠲᠦᠭᠦᠮ ᠠᠷᠭ᠎ᠠ ᠠᠴᠠ ᠰᠤᠷᠤᠯᠴᠠᠶ᠎ᠡ
ᠨᠡᠶᠢᠲᠡᠯᠡᠭᠰᠡᠨ ᠴᠠᠭ᠄
2022/5/9
     ᠤᠲᠦ ᠶᠢᠨ ᠬᠦᠮᠦᠰ ᠶᠡᠷᠦ ᠨᠢ ᠭᠠᠷ ᠤᠳᠠᠰᠦ᠂ ᠺᠤᠮᠫᠢᠦ᠋ᠲ᠋ᠧᠷ ᠵᠡᠷᠭᠡ ᠠᠴᠠ ᠰᠠᠯᠵᠦ ᠴᠢᠳᠠᠬᠤ ᠪᠠᠨ ᠪᠤᠯᠢᠵᠦ᠂  ᠠᠵᠢᠯ ᠠᠮᠢᠳᠤᠷᠠᠯ ᠭᠡᠰᠡᠨ ᠦᠭᠡᠢ ᠡᠳᠦᠷ ᠲᠡᠭᠡᠨ ᠱᠠᠭᠠᠢᠢᠵᠦ ᠯᠡ ᠪᠠᠶᠢᠳᠠᠭ᠃ ᠭᠡᠳᠡᠯ᠎ᠡ ᠲᠡᠭᠦᠨ ᠤ ᠴᠡᠭᠡᠨ ᠭᠡᠷᠠᠯ ᠨᠢ ᠨᠢᠳᠦᠨ ᠳᠤ ᠶᠡᠭᠡ ᠰᠡᠳᠡᠯᠲᠡ ᠦᠭᠴᠦ᠂ ᠨᠢᠲᠦ ᠶᠡᠬᠡᠬᠡᠨ ᠴᠢᠯᠡᠵᠦ ᠶᠠᠳᠠᠷᠠᠳᠠᠭ᠃ ᠲᠠᠶᠢᠮᠦ ᠪᠤᠯᠬᠤᠷ ᠨᠢᠲᠦ ᠪᠠᠨ ᠵᠦᠢ  ᠵᠤᠬᠢᠰᠲᠠᠢ ᠬᠠᠮᠠᠭᠠᠯᠠᠵᠦ ᠰᠤᠷᠬᠤ ᠬᠡᠷᠡᠭᠲᠡᠢ᠃          ᠬᠤᠯᠠ ᠶᠢ ᠪᠠᠷᠠᠯᠠᠬᠤ᠃ 3 — 5 ᠰᠧᠺᠦ᠋ᠨ᠋ᠳ᠋ ᠬᠤᠯᠠ ᠶᠢ ᠪᠠᠷᠠᠯᠠᠬᠤ ᠨᠢ ᠤᠷᠲᠦ ᠬᠤᠭᠤᠴᠠᠭ᠎ᠠ ᠤᠢᠢᠷ᠎ᠠ  ᠬᠠᠷᠠᠬᠤ ᠠᠴᠠ ᠪᠤᠯᠤᠬᠰᠡᠨ ᠬᠠᠷᠠᠭᠠᠨ ᠤ ᠴᠢᠯᠡᠭᠡ ᠶᠢ ᠪᠦᠳᠦᠮᠵᠢᠲᠡᠢ ᠲᠠᠶᠢᠯᠵᠤ ᠴᠢᠳᠠᠨ᠎ᠡ᠃        ᠨᠢᠳᠦᠨ ᠴᠡᠴᠡᠭᠡᠢ ᠪᠠᠨ ᠬᠦᠳᠡᠯᠭᠡᠬᠦ᠃ ᠤᠲᠦ ᠬᠤᠭᠤᠴᠠᠭ᠎ᠠ ᠪᠠᠷ ᠭᠠᠷ ᠤᠳᠠᠰᠦ ᠪᠤᠶᠤ ᠺᠤᠮᠫᠢᠦ᠋ᠲ᠋ᠧᠷ ᠱᠠᠭᠠᠢᠢᠪᠠᠯ ᠂ ᠨᠢᠳᠦᠨ ᠤ ᠲᠦᠪᠯᠡᠷᠡᠯ ᠤᠨ ᠴᠡᠭ ᠢ ᠲᠤᠬᠢᠷᠠᠭᠤᠯᠬᠤ ᠪᠤᠯᠴᠢᠩ ᠨᠢ ᠶᠠᠳᠠᠷᠠᠳᠠᠭ᠃ ᠡᠶᠢᠮᠦ ᠪᠠᠶᠢᠳᠠᠯ ᠳᠤ ᠨᠢᠲᠦ ᠪᠠᠨ  ᠲᠦᠷᠭᠡᠨ ᠠᠨᠢᠵᠦ᠂ ᠭᠡᠨᠡᠳᠲᠡ ᠨᠡᠬᠡᠭᠡᠨ᠎ᠡ᠃ ᠲᠤᠯᠤᠭᠠᠢ ᠪᠠᠨ ᠬᠦᠳᠡᠯᠭᠡᠬᠦ ᠦᠭᠡᠢ ᠪᠠᠷ ᠨᠢᠳᠦᠨ ᠴᠡᠴᠡᠭᠡᠢ ᠪᠠᠨ  ᠪᠠᠷᠠᠭᠤᠨᠰᠢ᠂ ᠵᠡᠭᠦᠨᠰᠢ᠂ ᠲᠡᠭᠡᠭᠰᠢ᠂ ᠲᠤᠷᠤᠬᠰᠢ ᠶᠢᠨ ᠳᠠᠷᠠᠭᠠᠯᠠᠯ ᠢᠶᠠᠷ ᠡᠷᠬᠢᠭᠦᠯᠦᠨ᠂ 2 — 3 ᠤᠳᠠᠭ᠎ᠠ  ᠲᠠᠪᠳᠠᠵᠦ ᠬᠢᠨ᠎ᠡ᠃         ᠠᠨᠢᠪᠴᠢᠬᠤ᠃ ᠶᠡᠷᠦ ᠶᠢᠨ ᠪᠠᠶᠢᠳᠠᠯ ᠳᠤ᠂ 20 — 40 ᠨᠠᠰᠤᠨ ᠤ ᠡᠩ ᠤᠨ ᠬᠦᠮᠦᠨ 1 ᠮᠢᠨᠦ᠋ᠲ ᠲᠤ  20 — 30 ᠤᠳᠠᠭ᠎ᠠ ᠠᠨᠢᠪᠴᠢᠳᠠᠭ᠂ ᠭᠡᠲᠡᠯ᠎ᠡ ᠺᠤᠮᠫᠢᠦ᠋ᠲ᠋ᠧᠷ ᠪᠤᠶᠤ ᠭᠠᠷ ᠤᠲᠠᠰᠦ ᠱᠠᠭᠠᠢᠢᠵᠦ ᠪᠠᠶᠢᠬᠤ  ᠦᠶ᠎ᠡ ᠳᠤ ᠠᠨᠢᠪᠴᠢᠬᠤ ᠲᠤᠭ᠎ᠠ 1 ᠮᠢᠨᠦ᠋ᠲ ᠲᠤ 4 — 5 ᠤᠳᠠᠭ᠎ᠠ ᠬᠠᠰᠤᠭᠳᠠᠵᠤ ᠨᠢᠯᠪᠤᠰᠤᠨ ᠤ  ᠱᠦᠬᠦᠷᠡᠯᠲᠡ ᠶᠢ ᠬᠦᠴᠦᠲᠡᠢ ᠨᠦᠯᠦᠭᠡᠯᠡᠨ᠂ ᠨᠢᠲᠦ ᠬᠠᠭᠤᠷᠠᠶᠢᠰᠢᠬᠤ ᠮᠡᠲᠦ ᠶᠢᠨ ᠢᠯᠡᠷᠡᠯ ᠢ ᠡᠭᠦᠰᠭᠡᠵᠦ᠂ ᠨᠢᠳᠦ  ᠴᠢᠯᠡᠵᠦ ᠶᠠᠳᠠᠷᠠᠳᠠᠭ᠃ ᠦᠷᠭᠦᠯᠵᠢ ᠠᠨᠢᠪᠴᠢᠬᠤ ᠨᠢ ᠨᠢᠯᠪᠤᠰᠤᠨ ᠤ ᠱᠦᠭᠦᠷᠡᠯᠲᠡ ᠶᠢ ᠠᠬᠢᠭᠤᠯᠬᠤ ᠪᠠᠷ ᠪᠠᠷᠠᠬᠤ ᠦᠭᠡᠢ᠂ ᠨᠢᠲᠦ ᠬᠠᠭᠤᠷᠠᠶᠢᠰᠢᠬᠤ᠂ ᠨᠢᠳᠤᠨ ᠤ ᠬᠤᠭ ᠢ ᠴᠡᠪᠡᠷᠯᠡᠬᠦ ᠳᠤ ᠶᠡᠬᠡᠬᠡᠨ ᠲᠤᠰᠠᠲᠠᠢ ᠪᠠᠶᠢᠵᠦ᠂ ᠨᠢᠳᠤᠨ ᠤ ᠴᠢᠯᠡᠭᠡ ᠲᠠᠶᠢᠯᠤᠬᠳᠠᠳᠠᠭ᠃     ᠠᠯᠴᠢᠭᠤᠷ ᠢᠶᠠᠷ ᠵᠢᠩ ᠪᠠᠷᠢᠬᠤ᠃ ᠠᠨᠢᠰᠬ᠎ᠠ ᠤᠨᠵᠠᠶᠢᠬᠤ᠂ ᠨᠦᠢᠷᠮᠤᠬᠯᠠᠬᠤ ᠲᠦᠷᠢ ᠢᠯᠡᠷᠡᠬᠦ ᠪᠤᠯ ᠨᠢᠳᠦᠨ ᠤ ᠴᠢᠰᠦᠨ ᠡᠷᠬᠢᠯᠲᠡ ᠮᠠᠭᠤ ᠪᠠᠶᠢᠬᠤ ᠶᠢᠨ ᠲᠤᠬᠢᠶ᠎ᠡ ᠮᠦᠨ᠃ ᠡᠨᠡ ᠦᠶ᠎ᠡ ᠳᠤ ᠬᠠᠯᠠᠭᠤᠨ ᠠᠯᠴᠢᠭᠤᠷ ᠢᠶᠠᠷ ᠵᠢᠩ  ᠪᠠᠷᠢᠵᠦ ᠪᠤᠯᠤᠨ᠎ᠡ᠃ ᠠᠯᠴᠢᠭᠤᠷ ᠢᠶᠠᠨ ᠬᠠᠯᠠᠭᠤᠨ ᠤᠰᠤᠨ ᠳᠤ ᠬᠢᠵᠦ ᠵᠢᠭᠠᠬᠠᠨ ᠬᠦᠷᠦᠭᠰᠡᠨ ᠤ ᠳᠠᠷᠠᠭ᠎ᠠ ᠠᠨᠢᠰᠬ᠎ᠠ ᠳᠡᠭᠡᠷ᠎ᠡ ᠪᠠᠨ 1 — 2 ᠮᠢᠨᠦ᠋ᠲ ᠲᠠᠷᠤᠨ᠎ᠡ᠃ ᠡᠨᠡ ᠨᠢ ᠴᠢᠰᠤᠨ ᠤ ᠡᠷᠬᠢᠯᠲᠡ ᠶᠢ ᠰᠠᠶᠢᠵᠢᠷᠠᠭᠤᠯᠵᠦ ᠴᠢᠯᠡᠭᠡ  ᠲᠠᠶᠢᠯᠬᠤ ᠦᠢᠯᠡᠳᠦᠯ ᠲᠠᠢ᠃          ᠨᠢᠲᠦ ᠪᠠᠨ ᠲᠤᠭᠤᠷᠢᠭᠤᠯᠤᠨ ᠢᠯᠢᠵᠦ ᠨᠤᠬᠤᠯᠠᠬᠤ᠃ ᠨᠢᠲᠦ ᠪᠠᠨ ᠤᠷᠢᠳ ᠢᠶᠠᠷ 3 — 5 ᠮᠢᠨᠦ᠋ᠲ ᠠᠨᠢᠵᠦ ᠠᠮᠠᠷᠠᠭᠤᠯᠤᠬᠰᠡᠨ ᠤ ᠳᠠᠷᠠᠭ᠎ᠠ ᠬᠤᠶᠠᠷ ᠭᠠᠷ ᠤᠨ ᠠᠯᠠᠭ᠎ᠠ ᠪᠠᠨ ᠱᠦᠷᠭᠦᠭᠡᠨ᠂ ᠬᠠᠯᠠᠭᠤᠨ ᠠᠯᠠᠭ᠎ᠠ ᠪᠠᠷ ᠢᠶᠠᠨ ᠨᠢᠲᠦ ᠪᠠᠨ ᠳᠠᠷᠤᠵᠦ᠂ ᠴᠠᠭ ᠤᠨ ᠵᠡᠭᠦᠤ ᠶᠢᠨ ᠴᠢᠭᠯᠡᠯ ᠳᠠᠭᠠᠤ 5 ᠤᠳᠠᠭ᠎ᠠ᠂ ᠴᠠᠭ ᠤᠨ ᠵᠡᠭᠦᠤ ᠶᠢᠨ ᠡᠰᠡᠷᠭᠦ  ᠴᠢᠭᠯᠡᠯ ᠢᠶᠠᠷ 5 ᠤᠳᠠᠭ᠎ᠠ ᠡᠷᠭᠢᠭᠦᠯᠦᠨ ᠨᠢᠳᠦᠨ ᠤ ᠭᠡᠰᠡᠭ ᠢᠶᠠᠨ 3 — 4 ᠤᠳᠠᠭ᠎ᠠ ᠨᠤᠬᠤᠯᠠᠨ᠎ᠡ᠃ ᠡᠨᠡ ᠨᠢ  ᠨᠢᠳᠦᠨ ᠤ ᠤᠢᠢᠷ᠎ᠠ ᠬᠠᠪᠢ ᠶᠢᠨ ᠴᠢᠰᠦᠨ ᠰᠤᠳᠠᠯ ᠤᠨ ᠡᠷᠬᠢᠯᠲᠠ ᠶᠢ ᠰᠠᠶᠢᠵᠢᠷᠠᠭᠤᠯᠵᠦ ᠨᠢᠳᠦᠨ ᠴᠢᠯᠡᠭᠡ  ᠲᠠᠶᠢᠯᠤᠬᠳᠠᠳᠠᠭ᠃      
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠨ ᠮᠡᠳᠡᠭᠡᠨ ᠤ ᠰᠦᠯᠵᠢᠶ᠎ᠡ