ᠦᠰᠤ ᠴᠠᠶᠢᠬᠤ ᠲᠤᠬᠠᠢ ᠲᠠᠨ ᠤ ᠮᠡᠳᠡᠬᠦ ᠶᠤᠰᠤᠳᠠᠢ ᠨᠠᠢᠮᠠᠨ ᠠᠰᠠᠭᠤᠳᠠᠯ
ᠨᠡᠶᠢᠲᠡᠯᠡᠭᠰᠡᠨ ᠴᠠᠭ᠄
2022/5/9
      ᠲᠠᠷᠤᠯᠳᠠ ᠨᠢ ᠵᠤᠬᠢᠬᠤ ᠨᠦᠯᠤᠭᠡ ᠦᠵᠡᠬᠦᠯᠳᠡᠭ᠃ ᠠᠮᠧᠷᠢᠺᠠ ᠶᠢᠨ ᠪᠠᠷᠠᠭᠤᠨ ᠬᠤᠶᠢᠳᠤ  ᠶᠢᠨ ᠶᠡᠭᠡ ᠰᠤᠷᠭᠠᠭᠤᠯᠢ ᠶᠢᠨ ᠹᠢᠸᠧᠨᠪᠧᠺ ᠡᠮᠨᠡᠯᠭᠡ ᠶᠢᠨ ᠰᠤᠷᠭᠠᠭᠤᠯᠢ ᠶᠢᠨ ᠲᠡᠳ᠋ ᠫᠷᠤᠹᠧᠰᠰᠤᠷ ᠯᠤᠪᠧᠷ ᠤᠨ ᠦᠵᠡᠬᠦ ᠪᠠᠷ᠂ ᠲᠠᠷᠤᠯᠳᠠ ᠨᠢ ᠦᠰᠤ ᠶᠢ ᠰᠢᠭᠤᠳ ᠪᠤᠭᠤᠷᠤᠯ ᠪᠤᠯᠭᠠᠬᠤ ᠦᠭᠡᠢ ᠪᠤᠯᠪᠠᠴᠤ ᠲᠡᠷᠡ ᠨᠢ ᠮᠠᠰᠢ ᠤᠯᠠᠨ ᠠᠷᠠᠰᠤᠨ ᠤ ᠡᠪᠡᠳᠴᠢᠨ ᠪᠠ ᠦᠰᠤᠨ ᠤ ᠠᠰᠠᠭᠤᠳᠠᠯ ᠲᠠᠢ ᠬᠤᠯᠪᠤᠭ᠎ᠠ ᠲᠠᠢ ᠶᠤᠮ᠃ ᠲᠠᠷᠤᠯᠳᠠ ᠶᠡᠭᠡ ᠬᠡᠷᠡᠭ ᠶᠠᠪᠤᠳᠠᠯ ︵ᠵᠢᠱᠢᠶᠡᠯᠡᠪᠡᠯ ᠬᠢᠮᠢ ᠶᠢᠨ ᠡᠮᠴᠢᠯᠡᠭᠡ︶ ᠠᠴᠠ  ᠪᠤᠯᠵᠤ ᠦᠰᠤ ᠤᠨᠠᠭᠰᠠᠨ ᠤ ᠲᠠᠷᠠᠭ᠎ᠠ᠂ ᠰᠢᠨ᠎ᠠ ᠪᠠᠷ ᠤᠷᠭᠤᠵᠤ  ᠭᠠᠷᠤᠭᠰᠠᠨ ᠦᠰᠤ ᠨᠢ ᠤᠤᠯ ᠤᠨ ᠬᠢ ᠲᠠᠢ ᠪᠠᠨ ᠠᠳᠠᠯᠢ ᠪᠤᠰᠤ ᠦᠩᠭᠡ  ᠲᠠᠢ ᠪᠤᠯᠵᠤ ᠮᠡᠳᠡᠨ᠎ᠠ᠃                   ᠠᠮᠢᠳᠤᠷᠠᠯ ᠤᠨ ᠠᠷᠭ᠎ᠠ ᠮᠠᠶ᠋ᠢᠭ ᠨᠢ ᠶᠡᠭᠡ ᠨᠦᠯᠤᠭᠡ ᠦᠵᠡᠬᠦᠯᠳᠡᠭ᠃ ᠲᠡᠮᠡᠬᠢ ᠲᠠᠳᠠᠬᠤ ᠨᠢ ᠠᠷᠠᠰᠤ ᠪᠠ ᠦᠰᠤᠨ ᠳᠤ ᠲᠠᠷᠤᠯᠳᠠ ᠦᠵᠡᠬᠦᠯᠳᠡᠭ᠃ ᠪᠡᠶ᠎ᠡ  ᠳᠠᠬᠢ ᠸᠢᠲ᠋ᠠᠮᠢᠨ B12 ᠤᠨ ᠠᠭᠤᠯᠤᠭᠳᠠᠭᠴᠠ ᠲᠤᠤᠷ᠎ᠠ ᠪᠠᠶᠢᠭ᠎ᠠ ᠨᠢ ᠦᠰᠤᠨ ᠤ ᠦᠩᠭᠡᠨ ᠤ ᠡᠳ᠋ ᠤᠨ ᠠᠯᠳᠠᠭᠳᠠᠯ ᠲᠠᠢ ᠮᠠᠰᠢ ᠶᠡᠭᠡ ᠬᠠᠷᠢᠴᠠᠭ᠎ᠠ ᠲᠠᠢ᠃ ᠠᠮᠧᠷᠢᠺᠠ ᠶᠢᠨ ᠺᠯᠢᠹᠯᠠᠨᠳ᠋ ᠡᠮᠨᠡᠯᠭᠡ ᠶᠢᠨ ᠭᠠᠵᠠᠷ ᠤᠨ ᠠᠷᠠᠰᠤᠨ ᠤ ᠡᠮᠨᠡᠯᠭᠡ ᠶᠢᠨ ᠨᠡᠷ᠎ᠡ ᠬᠥᠨᠳᠤᠳᠤ ᠡᠮᠴᠢ ᠸᠢᠯᠮᠠ ᠰᠠᠨᠠᠭᠤᠯᠤᠭᠰᠠᠨ ᠨᠢ᠂ ᠪᠤᠭᠤᠷᠤᠯ ᠪᠤᠯᠤᠭᠰᠠᠨ ᠨᠠᠰᠤᠳᠠᠨ ᠰᠢᠷ᠎ᠠ ᠯᠤᠤᠪᠠᠩ ᠪᠤᠯᠤᠨ ᠠᠮᠢᠳᠠᠨ ᠤ ᠡᠯᠢᠭᠡ ᠢᠯᠡᠬᠦᠤ ᠢᠳᠡᠪᠡᠯ ᠵᠤᠬᠢᠨ᠎ᠠ᠃                    ᠦᠰᠤ ᠪᠤᠳᠤᠬᠤ ᠨᠢ ᠦᠰᠤᠨ ᠤ ᠶᠠᠰᠤ ᠴᠢᠨᠠᠷ ᠪᠠ ᠪᠦᠳᠤᠴᠠ ᠶᠢ ᠬᠤᠪᠢᠷᠠᠭᠤᠯᠬᠤ ᠦᠭᠡᠢ᠃ ᠦᠰᠤᠨ ᠤ ᠭᠤᠤᠯ ᠡᠰ ᠨᠢ ᠦᠰᠤ ᠶᠢ ᠵᠤᠬᠢᠶᠠᠵᠤ᠂ ᠦᠩᠭᠡᠨ ᠤ ᠡᠳ᠋ ᠢ ᠪᠤᠢ ᠪᠤᠯᠭᠠᠬᠤ ᠭᠤᠤᠯ ᠡᠰ ᠨᠢ ᠦᠩᠭᠡᠨ ᠤ ᠡᠰ ᠢ ᠵᠤᠬᠢᠶᠠᠨ᠎ᠠ᠂ ᠡᠨᠡ ᠪᠤᠯ ᠬᠤᠶᠠᠷ ᠵᠦᠢᠯ ᠤᠨ ᠠᠳᠠᠯᠢ ᠪᠤᠰᠤ ᠪᠢᠽᠢᠤᠯᠤᠬᠢ ᠶᠢᠨ ᠶᠠᠪᠤᠴᠠ ᠪᠤᠯᠤᠨ᠎ᠠ᠃ ᠡᠩ ᠤᠨ  ᠪᠠᠶᠢᠳᠠᠯ ᠲᠤᠤᠷ᠎ᠠ᠂ ᠬᠤᠶᠠᠷ ᠵᠦᠢᠯ ᠤᠨ ᠭᠤᠤᠯ ᠡᠰ ᠨᠢ ᠬᠠᠮᠳᠤ ᠠᠵᠢᠯᠯᠠᠬᠤ ᠪᠤᠯᠪᠠᠴᠤ ᠡᠨᠡ ᠬᠤᠶᠠᠷ ᠵᠦᠢᠯ ᠤᠨ ᠴᠢᠳᠠᠮᠵᠢ ᠨᠢ ᠴᠦᠮ ᠴᠠᠭ ᠤᠨ ᠲᠠᠭᠠᠤ ᠲᠤᠷᠤᠬᠰᠢᠯᠠᠵᠤ᠂ ᠵᠠᠷᠢᠮ ᠳᠠᠭᠠᠨ ᠲᠡᠩᠳᠡᠬᠦᠤ ᠡᠷᠳᠡ ᠬᠤᠪᠬᠠᠶᠢᠷᠠᠵᠤ ᠦᠬᠦᠳᠡᠭ᠃ ᠦᠰᠤ ᠪᠤᠳᠤᠬᠤ ᠡᠳ᠋ ᠨᠢ ᠵᠦᠪᠭᠡᠨ ᠦᠰᠤᠨ ᠳᠤ ᠦᠩᠭᠡ ᠤᠷᠤᠭᠤᠯᠬᠤ ᠠᠴᠠ ᠪᠢᠰᠢ ᠦᠰᠤᠨ ᠤ ᠶᠠᠰᠤ ᠴᠢᠨᠠᠷ ᠪᠠ ᠪᠦᠳᠤᠴᠠ ᠶᠢ  ᠬᠤᠪᠢᠷᠠᠭᠤᠯᠳᠠᠭ ᠦᠭᠡᠢ ᠶᠤᠮ᠃                    ᠪᠤᠭᠤᠷᠤᠯ ᠪᠤᠯᠬᠤ ᠦᠭᠡᠢ ᠪᠠᠶᠢᠳᠠᠭ ᠨᠢ ᠤᠷᠭᠤᠵᠤ ᠭᠠᠷᠬᠤ ᠳᠠᠭᠠᠨ ᠡᠶᠢᠮᠤ ᠪᠠᠶᠢᠳᠠᠭ ᠠᠴᠠ ᠪᠤᠯᠵᠠᠢ᠃ ᠨᠢᠭᠡ ᠦᠰᠤ ᠨᠢ ᠤᠷᠭᠤᠭᠠᠳ 1-3 ᠵᠢᠯ ᠪᠤᠯᠤᠭᠰᠠᠨ ᠤ ᠲᠠᠷᠠᠭ᠎ᠠ ᠤᠨᠠᠵᠤ᠂ ᠲᠠᠬᠢᠭᠠᠳ ᠰᠢᠨ᠎ᠠ ᠦᠰᠤ ᠤᠷᠭᠤᠵᠤ ᠭᠠᠷᠳᠠᠭ᠃ ᠨᠠᠰᠤ ᠵᠢᠯ ᠤᠨ ᠨᠡᠮᠡᠭᠳᠡᠬᠦ ᠶᠢ ᠲᠠᠭᠠᠯᠳᠤᠨ᠂ ᠤᠷᠭᠤᠵᠤ ᠭᠠᠷᠤᠭᠰᠠᠨ ᠰᠢᠨ᠎ᠠ ᠦᠰᠤ ᠨᠢ ᠰᠠᠭᠠᠷᠠᠯ ᠦᠩᠭᠡ  ᠲᠠᠢ ᠪᠠᠶᠢᠵᠤ ᠮᠡᠳᠡᠨ᠎ᠠ᠃ ᠦᠰᠤ ᠤᠷᠭᠤᠵᠤ ᠭᠠᠷᠴᠤ ᠢᠷᠡᠬᠦ ᠳᠡᠭᠡᠨ ᠵᠠᠪᠠᠯ ᠰᠢᠨ᠎ᠠ ᠦᠩᠭᠡᠨ ᠤ ᠡᠳ᠋ ᠤᠨ ᠡᠰ ᠢ ᠪᠤᠢ ᠪᠤᠯᠭᠠᠳᠠᠭ᠂ ᠭᠡᠬᠦ ᠳᠤ ᠲᠡᠷᠡ ᠨᠢ ᠡᠯᠡᠭᠳᠡᠬᠦ ᠠᠴᠠ ᠪᠤᠯᠵᠤ ᠪᠤᠭᠤᠷᠤᠯ ᠪᠤᠯᠳᠠᠭ᠃                  ᠪᠤᠭᠤᠷᠤᠯ ᠦᠰᠤ ᠨᠢ ᠪᠤᠰᠤᠳ ᠦᠩᠭᠡ ᠶᠢᠨ ᠦᠰᠤ ᠠᠴᠠ ᠠᠷᠵᠠᠭᠠᠷ ᠪᠢᠰᠢ ᠪᠠᠶᠢᠳᠠᠭ᠃ ᠪᠤᠭᠤᠷᠤᠯ ᠦᠰᠤ ᠨᠢ ᠦᠨᠡᠨ ᠳᠡᠭᠡᠨ ᠪᠤᠰᠤᠳ ᠦᠩᠭᠡ ᠶᠢᠨ ᠦᠰᠤ ᠠᠴᠠ ᠨᠡᠩ ᠨᠠᠷᠢᠨ ᠪᠦᠭᠡᠳ ᠨᠠᠷᠢᠯᠢᠭ ᠪᠠᠶᠢᠳᠠᠭ᠂ ᠬᠡᠪᠡᠴᠤ ᠲᠡᠮᠳᠡᠷᠢᠵᠤ ᠦᠵᠡᠪᠡᠯ ᠨᠡᠩ ᠬᠠᠭᠤᠷᠠᠢ ᠰᠢᠭ᠋ ᠪᠠᠶᠢᠳᠠᠭ᠂ ᠤᠴᠢᠷ ᠨᠢ ᠨᠠᠰᠤ ᠵᠢᠯ ᠤᠨ ᠨᠡᠮᠡᠭᠳᠡᠬᠦ  ᠶᠢ ᠲᠠᠭᠠᠯᠳᠤᠨ᠂ ᠦᠰᠤᠨ  ᠤ ᠲᠤᠰᠤ ᠨᠢ ᠨᠡᠩ ᠴᠦᠭᠡᠨ ᠪᠤᠯᠳᠠᠭ᠃ ᠪᠤᠭᠤᠷᠤᠯ ᠦᠰᠤ ᠠᠷᠵᠠᠭᠠᠷ ᠰᠢᠭ᠋ ᠪᠠᠶᠢᠳᠠᠭ ᠤᠨ ᠪᠠᠰᠠ ᠨᠢᠭᠡ ᠰᠢᠯᠳᠠᠭᠠᠨ ᠬᠡᠪᠡᠯ᠄ ᠦᠰᠤ  ᠶᠢ ᠲᠠᠰᠤᠷᠠᠯᠳᠠ ᠦᠭᠡᠢ ᠦᠭᠳᠡᠭᠡᠬᠦ ᠨᠢ ᠦᠰᠤᠨ ᠤ ᠤᠭᠤᠳᠠ ᠶᠢ  ᠮᠤᠰᠬᠢᠷᠠᠭᠤᠯᠳᠠᠭ ᠤᠨ ᠤᠯᠠᠮ ᠠᠴᠠ ᠰᠢᠨ᠎ᠠ ᠪᠠᠷ ᠤᠷᠭᠤᠵᠤ ᠭᠠᠷᠤᠭᠰᠠᠨ ᠦᠰᠤ ᠶᠢ ᠪᠤᠷᠵᠠᠶᠢᠯᠭᠠᠵᠤ  ᠠᠳᠤᠷᠢᠭᠤᠯᠳᠠᠭ᠃                   ᠪᠤᠭᠤᠷᠤᠯ ᠦᠰᠤ ᠶᠢ ᠪᠤᠳᠤᠬᠤ ᠳᠤ ᠠᠮᠠᠷ ᠦᠭᠡᠢ᠃ ᠲᠠ ᠬᠡᠷᠪᠡ ᠦᠰᠤ ᠪᠤᠳᠤᠬᠤ ᠳᠤ ᠬᠥᠷᠪᠡᠯ᠂ ᠪᠤᠭᠤᠷᠤᠯ ᠦᠰᠤ ᠨᠢ ᠠᠮᠠᠷᠬᠠᠨ ᠪᠤᠳᠤᠬᠳᠠᠬᠤ ᠦᠭᠡᠢ ᠪᠠᠶᠢᠬᠤ ᠶᠢ ᠤᠯᠵᠤ ᠮᠡᠳᠡᠬᠦ ᠮᠠᠭᠠᠳ ᠦᠭᠡᠢ᠂ ᠤᠴᠢᠷ ᠨᠢ ᠪᠤᠭᠤᠷᠤᠯ ᠦᠰᠤ ᠨᠢ ᠦᠰᠤ ᠪᠤᠳᠤᠬᠤ ᠡᠳ᠋ ᠲᠤ ᠡᠰᠡᠷᠬᠦᠴᠡᠬᠦ ᠦᠢᠯᠡᠳᠤᠯ ᠭᠠᠷᠭᠠᠳᠠᠭ᠃                                   
ᠢᠷᠡᠯᠲᠡ᠄ ᠠᠷᠠᠳ ᠤᠨ ᠰᠦᠯᠵᠢᠶ᠎ᠡ