ᠲᠠᠪᠤᠨ ᠬᠤᠰᠢᠭᠤ ᠮᠠᠯ ᠢᠶᠠᠨ ᠲᠠᠯ᠎ᠠ ᠶᠢᠨ ᠲᠠᠪᠤᠨ ᠡᠷᠳᠡᠨᠢ ᠬᠡᠮᠡᠨ ᠲᠡᠭᠡᠳᠦᠯᠡᠳᠡᠭ ᠮᠤᠩᠭᠤᠯᠴᠤᠳ ᠲᠤ ᠮᠠᠯ ᠲᠠᠢ ᠬᠤᠯᠪᠤᠭᠳᠠᠭᠰᠠᠨ ᠵᠠᠩ ᠦᠢᠯᠡ᠂ ᠴᠡᠭᠡᠷ | ᠶᠤᠰᠤ ᠤᠯᠠᠨ ᠪᠠᠶᠢᠳᠠᠭ᠃ | 1. ᠮᠤᠷᠢᠨ ᠤ ᠲᠤᠯᠤᠭᠠᠢ ᠶᠢ ᠴᠤᠬᠢᠳᠠᠬ ᠦᠬᠡᠢ᠂ ︽ᠮᠤᠷᠢᠨ ᠲᠤᠯᠤᠭᠠᠢ ᠮᠤᠯᠤᠷ ᠡᠷᠳᠡᠨᠢ︾ ᠬᠡᠳᠡᠭ᠃ | 2. ᠲᠠᠷᠬᠠᠯᠠᠭᠰᠠᠨ ᠪᠤᠶᠤ ᠶᠡᠭᠡ ᠠᠴᠢ ᠦᠵᠡᠭᠦᠯᠦᠭ᠌ᠰᠡᠨ ᠮᠠᠯ ᠢᠶᠠᠨ ᠠᠯᠠᠵᠤ ᠬᠤᠳᠠᠯᠳᠤᠳᠠᠬ ᠦᠬᠡᠢ᠃ | 3. ᠮᠠᠯ ᠤᠨᠤᠬ᠋᠎ᠠ ᠶᠢ ᠬᠠᠷᠠᠳᠠᠵᠤ ᠴᠤᠬᠢᠬᠤ ᠪᠤᠶᠤ ᠬᠠᠯᠠ ᠲᠠᠢ ᠡᠳ᠋ᠯᠡᠵᠦ ᠵᠤᠪᠠᠭᠠᠪᠠᠯ ᠮᠠᠯ ᠤᠨ ᠵᠠᠶᠠᠬ᠋᠎ᠠ ᠭᠤᠮᠤᠳᠠᠨ᠎ᠠ ᠬᠡᠳᠡᠭ᠃ | 4. ᠮᠠᠯ ᠶᠢ ᠠᠯᠢ ᠮᠠᠭᠤ ᠪᠠᠷ ᠬᠠᠷᠢᠶᠠᠵᠤ ᠵᠦᠭᠡᠳᠡᠭ ᠦᠬᠡᠢ᠃ | 5. ᠮᠠᠯ ᠤᠨᠤᠬ᠋᠎ᠠ ᠠᠳᠤᠭᠤᠰᠤ ᠠᠮᠢᠳᠠᠨ ᠢ ᠴᠤᠬᠢᠵᠤ ᠲᠠᠮᠤᠯᠠᠬᠤ ᠪᠠ ᠴᠢᠴᠢᠵᠤ ᠬᠠᠳᠬᠤᠳᠠᠭ ᠦᠬᠡᠢ᠃ | 6. ᠮᠠᠯ ᠶᠢᠨ ᠲᠡᠮᠤᠷ ᠢᠶᠠᠷ ᠴᠤᠬᠢᠳᠠᠬ ᠦᠬᠡᠢ᠃ | 7. ᠮᠠᠯ ᠤᠨ ᠨᠢᠳᠤ ᠰᠠᠨᠴᠢᠭ ᠵᠡᠷᠭᠡ ᠬᠡᠪᠡᠷᠡᠭ ᠬ᠋ᠠᠵᠠᠷ ᠪᠤᠶᠤ ᠠᠮᠢᠨ ᠬ᠋ᠠᠵᠠᠷ ᠢ ᠴᠤᠬᠢᠳᠠᠬ ᠦᠬᠡᠢ᠃ | 8. ᠮᠠᠯ ᠢ ᠰᠠᠶᠢᠳᠤᠷ ᠤᠰᠤᠯᠠᠵᠤ ᠡᠪᠡᠰᠦᠯᠡᠬᠦ ᠶᠢ ᠪᠤᠶᠠᠨ ᠤ ᠦᠢᠯᠡ ᠪᠠᠷ ᠦᠵᠡᠳᠡᠭ ᠲᠤᠯᠠ ︽ᠮᠠᠨᠢ ᠲᠤᠯᠤᠭᠠᠬᠤ ᠪᠠᠷ ᠮᠠᠯ ᠢᠶᠠᠨ ᠤᠰᠤᠯᠠ︾ ᠬᠡᠳᠡᠭ᠃ | 9. ᠮᠠᠯ ᠤᠨᠤᠬ᠋᠎ᠠ ᠶᠢ ᠡᠩ ᠤᠨ ᠦᠶ᠎ᠡ ᠳᠤ ᠶᠡᠭᠡ ᠪᠠᠷ ᠤᠶᠠᠵᠤ ᠬᠠᠭᠰᠠᠭᠠᠨ ᠦᠯᠦᠰᠭᠡᠳᠡᠭ ᠦᠬᠡᠢ᠂ ᠡᠪᠡᠰᠤ ᠤᠰᠤᠨ ᠳᠤ ᠦᠷᠢ ᠲᠠᠢ ᠦᠦ︾ ᠬᠡᠳᠡᠭ᠃ | | 10. ᠮᠠᠯ ᠤᠨ ᠬᠡᠢᠮᠤᠷᠢ ᠡᠳᠤᠷ᠂ ᠵᠤᠰᠠᠬ ᠡᠳᠤᠷ᠂ ᠤᠯᠠᠭᠠᠨ ᠤᠯᠠᠭᠠᠭᠴᠢᠨ ᠡᠳᠤᠷ ᠤᠳ ᠲᠤ ᠮᠠᠯ ᠪᠠᠵᠠᠭᠠᠳᠠᠬ ᠦᠬᠡᠢ᠃ | 11. ᠮᠠᠯ ᠠᠳᠤᠭᠤᠰᠦ ᠶᠢ ᠠᠯᠠᠨ᠎ᠠ ᠬᠢᠳᠤᠨᠡ ᠬᠡᠬᠦ ᠮᠡᠳᠦ ᠪᠠᠷ ᠬᠡᠯᠡᠳᠡᠭ ᠦᠬᠡᠢ᠂ ︽ᠪᠠᠵᠠᠭᠠᠨ᠎ᠠ︾᠂ ︽ ᠱᠦᠯᠦ ᠤᠤᠭᠤᠨᠡ︾᠂ ︽ᠭᠠᠷᠭᠠᠨ᠎ᠠ︾᠂ ︽ | ᠢᠳᠡᠰᠢ ᠠᠪᠤᠨ᠎ᠠ︾᠂ ︽ᠦᠬᠦᠴᠡ ᠠᠪᠤᠨ᠎ᠠ︾ ᠁ ᠬᠡᠬᠦ ᠮᠡᠳᠦ ᠪᠠᠷ ᠬᠡᠯᠡᠳᠡᠭ᠃ | 12. ᠮᠠᠯ ᠪᠠᠵᠠᠭᠠᠬᠤ ᠳᠠᠭᠠᠨ ᠵᠠᠪᠠᠯ ᠲᠤᠯᠤᠭᠠᠢ ᠶᠢ ᠨᠢ ᠬᠤᠶᠢᠰᠢ ᠬᠠᠨᠳᠤᠭᠤᠯᠳᠠᠬ᠃ | 13. ᠮᠠᠯ ᠶᠢ ᠲᠤᠳᠠᠭᠤ ᠦᠬᠦᠭᠰᠡᠨ ᠪᠠᠶᠢᠬᠤ ᠳᠤ ᠦᠪᠴᠢᠳᠡᠭ ᠦᠬᠡᠢ᠃ | 14. ᠦᠭᠡᠷ ᠤᠨ ᠡᠪᠡᠷ ᠢ ᠴᠤᠬᠢᠳᠠᠬ ᠦᠬᠡᠢ᠂ ︽ᠨᠢᠭᠡ ᠦᠬᠡᠷ ᠤᠨ ᠡᠪᠡᠷ ᠢ ᠴᠤᠬᠢᠪᠠᠯ ᠮᠢᠩᠭᠠᠨ ᠦᠬᠡᠷ ᠤᠨ ᠡᠪᠡᠷ ᠲᠤᠷᠬᠢᠨᠡ︾ ᠬᠡᠳᠡᠭ᠃ | 15. ᠢᠮᠡᠭᠠᠨ ᠤ ᠰᠠᠬᠠᠯ ᠠᠴᠠ ᠴᠢᠩᠭᠠᠭᠠᠳᠠᠬ ᠦᠬᠡᠢ᠂ ︽ᠢᠮᠠᠬ᠋ᠠ ᠬᠠᠷᠢᠨᠡ︾ ᠬᠡᠳᠡᠭ᠃ | 16. ᠰᠠᠶᠢᠨ ᠮᠤᠷᠢ ᠡᠵᠡᠨ ᠤ ᠪᠠᠨ ᠠᠮᠢᠨ ᠳᠤ ᠤᠷᠤᠨ᠎ᠡ ᠬᠡᠳᠡᠭ᠃ | 17. ᠬᠤᠷᠠᠭᠠᠨ ᠬᠤᠴᠠ ᠢᠰᠢᠬᠢᠨ ᠤᠬᠤᠨ᠎ᠠ ᠶᠢ ᠰᠤᠩᠭᠤᠵᠤ ᠲᠠᠯᠪᠢᠬᠤ ᠳᠠᠭᠠᠨ ᠦᠷᠦᠮ᠎ᠡ ᠲᠠᠢ ᠪᠤᠳᠠᠬ᠋ᠠ ᠪᠠᠷ ᠲᠤᠯᠤᠭᠠᠢ ᠶᠢ ᠨᠢ ᠮᠢᠯᠢᠶᠠᠵᠤ ︽ᠮᠢᠩᠬ᠋᠎ᠠ | ᠲᠦᠮᠡ᠂ ᠮᠢᠩᠬ᠋᠎ᠠ ᠲᠦᠮᠠ︾ ᠬᠡᠵᠤ ᠢᠷᠦᠭᠡᠳᠡᠭ᠃ | 18. ᠮᠠᠯ ᠲᠤ ᠢᠮ ᠲᠠᠮᠠᠭ᠎ᠠ ᠬᠢᠬᠦ ᠳᠡᠭᠡᠨ ᠮᠠᠯ ᠰᠦᠷᠦᠭ ᠢᠶᠠᠨ ᠦᠷᠡᠵᠢᠵᠤ ᠦᠰᠬᠦ ᠶᠢᠨ ᠪᠡᠯᠭᠡᠳᠡᠯ ᠲᠠᠢ ᠵᠦᠢᠯ ᠢ ᠰᠤᠩᠭᠤᠵᠤ ᠬᠢᠳᠡᠭ᠃ | 19. ᠮᠠᠯ ᠤᠨ ᠢᠶᠠᠨ ᠦᠨᠦᠴᠢᠨ ᠦᠷᠦᠭᠡᠰᠦᠨ ᠦᠳᠦ ᠲᠤᠭᠤᠯᠠᠩ ᠢ ᠪᠤᠯᠪᠠᠴᠤ ᠰᠠᠶᠢᠳᠤᠷ ᠠᠷᠠᠴᠢᠯᠠᠳᠠᠬ᠃ ᠲᠡᠶᠢᠮᠦ ᠪᠠᠷ ᠢᠶᠠᠨ ︽ᠦᠨᠦᠴᠢᠨ ᠢᠶᠠᠨ | ᠦᠰᠭᠡᠪᠡᠯ ᠬᠦᠮᠦᠨ ᠲᠠᠢ ᠪᠤᠯᠤᠨ᠎ᠠ᠂ ᠡᠷᠭᠦᠳᠡᠭ ᠢᠶᠠᠨ ᠲᠡᠵᠢᠭᠡᠪᠡᠯ ᠮᠠᠯ ᠲᠠᠢ ᠪᠤᠯᠤᠨ᠎ᠠ︾ ᠬᠡᠳᠡᠭ᠃ | 20. ᠬᠡᠷ ᠤᠨ ᠤᠨᠢ ᠬᠠᠨ᠎ᠠ ᠶᠢᠨ ᠮᠤᠳᠤ ᠶᠢ ᠮᠠᠯ ᠤᠨᠤᠭᠠᠨ ᠳᠤ ᠪᠠᠷᠢᠳᠠᠬ ᠦᠬᠡᠢ᠂ ︽ ᠤᠨᠢ ᠪᠠᠨ ᠰᠡᠭᠡᠯᠳᠦᠷᠭᠡ ᠠᠴᠠ ᠴᠢᠷᠦᠭ᠌ᠰᠡᠨ︾ ᠬᠡᠳᠡᠭ᠃ | |