ᠬᠡᠤᠬᠡᠳ ᠤᠨ ᠡᠷᠡᠭᠦᠯ ᠦᠰᠦᠨ ᠪᠤᠶᠢᠵᠢᠯᠲᠡ ᠨᠢ ᠭᠡᠷ ᠤᠨ ᠬᠦᠮᠦᠵᠢᠯ᠂ ᠰᠤᠷᠭᠠᠭᠤᠯᠢ ᠶᠢᠨ ᠬᠦᠮᠦᠵᠢᠯ᠂ ᠨᠡᠶᠢᠭᠡᠮ ᠤᠨ ᠬᠦᠮᠦᠵᠢᠯ ᠤᠨ ᠠᠯᠢᠨ ᠠᠴᠠ ᠴᠤ | ᠰᠠᠯᠵᠦ ᠪᠤᠯᠤᠰᠢ ᠦᠭᠡᠢ ᠪᠠᠶᠢᠳᠠᠭ᠃ ᠨᠡᠩ ᠤᠨᠴᠠᠭᠠᠢᠢᠯᠠᠨ ᠭᠡᠷ ᠪᠦᠯᠢ ᠶᠢᠨ ᠬᠦᠮᠦᠵᠢᠯ ᠪᠤᠯ ᠶᠡᠷᠦᠨᠢ ᠬᠠᠮᠤᠭ ᠠᠴᠠ ᠢᠯᠡᠭᠦᠦ ᠤᠮᠳᠤᠭᠠᠢᠢᠯᠠᠵᠦ ᠪᠤᠯᠤᠰᠢ ᠦᠭᠡᠢ | ᠠᠩᠬᠠᠨ ᠤ ᠬᠦᠮᠦᠵᠢᠯ ᠪᠤᠯᠬᠤ ᠶᠤᠮ᠃ ᠭᠡᠷ ᠪᠦᠯᠢ ᠶᠢᠨ ᠬᠦᠮᠦᠵᠢᠯ ᠭᠡᠵᠦ ᠲᠤᠷᠠᠳᠬᠤ ᠠᠴᠠ ᠬᠡᠤᠬᠡᠳ ᠢᠶᠠᠨ ᠲᠠᠨᠢᠬᠤ᠂ ᠬᠡᠤᠬᠡᠳ ᠢᠶᠠᠨ ᠬᠠᠶᠢᠷᠠᠯᠠᠬᠤ᠂ | ᠬᠡᠤᠬᠡᠳ ᠢᠶᠠᠨ ᠬᠦᠨᠳᠦᠳᠭᠡᠬᠦ᠂ ᠬᠡᠤᠬᠡᠳ ᠢᠶᠠᠨ ᠢᠳᠡᠭᠡᠬᠦ᠂ ᠬᠡᠤᠬᠡᠳ ᠢᠶᠠᠨ ᠪᠠᠭ᠋ᠠᠷᠬᠠᠬᠤ ᠨᠢ ᠲᠤᠩ ᠴᠢᠬᠤᠯᠠ ᠪᠠᠶᠢᠳᠠᠭ ᠢ ᠭᠡᠷ ᠤᠨ ᠠᠬᠠᠮᠠᠳ ᠠᠩᠬᠠᠷᠤᠯ ᠳᠠᠭᠠᠨ | ᠠᠪᠬᠤ ᠴᠢᠬᠤᠯᠠᠲᠠᠢ ᠶᠤᠮ᠃ | ᠨᠢᠭᠡ᠂ ᠲᠡᠯᠡᠭᠡᠢ ᠲᠡᠭᠡᠷ᠎ᠡ ︽ᠮᠠᠭᠤ ᠬᠡᠤᠬᠡᠳ︾ ᠭᠡᠵᠦ ᠪᠠᠶᠢᠳᠠᠭ ᠦᠭᠡᠢ ᠰᠢᠦ︕ ᠰᠢᠯᠢᠳᠡᠭ ᠭᠡᠷ ᠤᠨ ᠠᠬᠠᠮᠠᠳ ᠤᠨ ᠨᠢᠳᠦᠨ ᠳᠤ ᠶᠠᠷᠦᠨᠢ ᠠᠳᠠᠭ ᠮᠠᠭᠤ | ᠬᠡᠤᠬᠡᠳ ᠭᠡᠵᠦ ᠪᠠᠶᠢᠳᠠᠭ ᠦᠭᠡᠢ ᠶᠤᠮ᠂ ᠤᠴᠢᠷ ᠨᠢ ︽ᠰᠠᠶᠢᠨ ᠬᠡᠤᠭᠡᠳ︾ ᠪᠤᠯᠭᠠᠨ ᠬᠦᠮᠦᠵᠢᠭᠦᠯᠬᠦ ᠶᠠᠪᠤᠴᠠ ᠳᠤ ᠲᠤᠮᠤᠴᠤᠤᠯ ᠵᠦᠪᠬᠡᠨ ᠬᠡᠤᠬᠡᠳ ᠢ | ᠤᠢᠢᠯᠠᠭᠠᠵᠦ᠂ ᠵᠤᠷᠢᠭᠵᠢᠭᠤᠯᠵᠦ᠂ ᠪᠠᠭ᠋ᠠᠷᠬᠠᠨ ᠬᠠᠶᠢᠷᠠᠯᠠᠬᠤ ᠯᠡ ᠶᠤᠰᠤᠲᠠᠢ ᠶᠤᠮ᠃ ᠲᠤᠮᠤᠴᠤᠤᠯ ᠤᠨ ᠵᠤᠷᠢᠭᠵᠢᠭᠤᠯᠤᠯ ᠬᠡᠳᠦᠢ ᠠᠷᠪᠢᠨ ᠪᠤᠯ ᠬᠡᠤᠬᠡᠳ ᠤᠨ | ᠢᠳᠡᠭᠡᠯ ᠲᠡᠳᠦᠢ ᠨᠡᠮᠡᠭᠳᠡᠳᠡᠭ᠃ ᠡᠴᠢᠭᠡ ᠡᠭᠡ ᠶᠢᠨ ᠲᠠᠭᠤᠷᠢᠶᠠᠯ ᠤᠨ ᠬᠦᠴᠦᠨ ᠪᠠ ᠵᠤᠷᠢᠭᠵᠢᠭᠤᠯᠤᠯ ᠤᠨ ᠬᠦᠴᠦᠨ ᠤ ᠠᠤᠭ᠎ᠠ ᠴᠢᠳᠠᠯ ᠢ ᠲᠦᠰᠦᠭᠡᠯᠡᠬᠦ ᠶᠢᠨ | ᠠᠷᠭ᠎ᠠ ᠦᠭᠡᠢ ᠪᠠᠶᠢᠳᠠᠭ ᠶᠤᠮ᠃ | ᠬᠤᠶᠠᠷ᠂ ᠬᠡᠤᠬᠡᠳ ᠢᠶᠠᠨ ᠬᠠᠶᠢᠷᠠᠯᠠᠬᠤ ᠶᠢᠨ ᠤᠷᠢᠳᠠᠯ ᠨᠢ ᠬᠡᠤᠬᠡᠳ ᠢᠶᠠᠨ ᠤᠢᠢᠯᠠᠭᠠᠬᠤ ᠳᠤ ᠪᠤᠢ᠃ ︽ᠬᠡᠤᠬᠡᠳ ᠤᠨ 10 ᠨᠠᠰᠤᠨ ᠠᠴᠠ ᠡᠮᠦᠨᠡᠬᠢ ᠦᠶ᠎ᠡ | ᠪᠤᠯ ᠡᠴᠢᠭᠡ ᠡᠭᠡ ᠪᠠᠨ ᠰᠢᠲᠦᠨ ᠪᠢᠰᠢᠷᠡᠬᠦ ᠱᠠᠲᠦ᠂ 20 ᠨᠠᠰᠤᠨ ᠠᠴᠠ ᠡᠮᠦᠨ᠎ᠡ ᠪᠤᠯ ᠡᠴᠢᠭᠡ ᠡᠭᠡ ᠪᠠᠨ ᠬᠦᠡᠭᠭᠡᠪᠴᠢᠯᠡᠬᠦ ᠱᠠᠲᠦ᠂ 30 ᠨᠠᠰᠤᠨ ᠠᠴᠠ ᠡᠮᠦᠨ᠎ᠡ | ᠪᠤᠯ ᠡᠴᠢᠭᠡ ᠡᠭᠡ ᠪᠠᠨ ᠤᠢᠢᠯᠠᠭᠠᠬᠤ ᠱᠠᠲᠦ᠂ 40 ᠨᠠᠰᠦ ᠪᠤᠯ ᠡᠴᠢᠭᠡ ᠡᠭᠡ ᠪᠠᠨ ᠬᠦᠨ ᠬᠠᠶᠢᠷᠠᠯᠠᠬᠤ ᠦᠶ᠎ᠡ᠂ 50 ᠨᠠᠰᠦ ᠪᠤᠯ ᠰᠠᠶ᠋ᠢ ᠦᠪᠡᠷ ᠤᠨ ᠡᠴᠢᠭᠡ | ᠡᠭᠡ ᠪᠠᠨ ᠵᠢᠩᠭᠢᠨᠢ ᠪᠠᠷ ᠤᠢᠢᠯᠠᠭᠠᠬᠤ ᠦᠶ᠎ᠡ᠂ 60 ᠨᠠᠰᠦ ᠪᠤᠯ ᠡᠴᠢᠭᠡ ᠡᠭᠡ ᠪᠠᠨ ᠠᠰᠠᠷᠠᠵᠦ ᠡᠨᠡᠷᠢᠬᠦ ᠪᠤᠶᠤ ᠲᠤᠷᠠᠳᠬᠠᠨ ᠮᠦᠷᠦᠭᠡᠳᠬᠦ ᠴᠠᠭ ᠦᠶ᠎ᠡ ᠪᠤᠯᠤᠨ᠎ᠠ︾ | ᠭᠡᠵᠦ ᠰᠤᠳᠤᠯᠭᠠᠲᠠᠳ ᠦᠵᠡᠵᠦ ᠪᠤᠢ ᠃ ᠡᠶᠢᠮᠦ ᠠᠴᠠ 10- 20 ᠨᠠᠰᠤᠨ ᠤ ᠱᠠᠲᠦ ᠪᠤᠯ ᠡᠴᠢᠭᠡ ᠡᠭᠡ ᠪᠠ ᠬᠡᠤᠬᠡᠳ ᠤᠨ ᠬᠤᠭᠤᠷᠤᠨᠳᠦᠬᠢ ᠵᠦᠷᠢᠴᠡᠯ | ᠮᠦᠷᠭᠦᠯᠳᠦᠭᠡᠨ ᠬᠤᠷᠴᠠᠳᠬᠤ ᠦᠶ᠎ᠡ ᠪᠤᠯᠤᠨ᠎ᠠ᠃ ᠡᠭᠦᠨ ᠤ ᠬᠠᠮᠤᠭ ᠤᠨ ᠴᠢᠬᠤᠯᠠ ᠰᠡᠳᠬᠢᠴᠡ ᠶᠢᠨ ᠢᠯᠡᠷᠡᠯ ᠨᠢ᠂ ᠬᠡᠤᠬᠡᠳ ᠤᠨ ᠦᠪᠡᠷ ᠪᠢ ᠶᠢᠨ ᠤᠬᠠᠮᠰᠠᠷ | ᠬᠠᠮᠤᠭ ᠤᠨ ᠴᠢᠩᠭ᠎ᠠ ᠪᠠᠶᠢᠳᠠᠭ᠃ ᠡᠨᠡ ᠦᠶ᠎ᠡ ᠳᠤ ᠬᠡᠤᠬᠡᠳ ᠶᠡᠷᠦᠨᠢ ᠲᠤᠰᠠᠭᠠᠷᠯᠠᠬᠤ ᠶᠢ ᠬᠦᠰᠡᠪᠡᠴᠦ ᠠᠷᠭ᠎ᠠ ᠶᠠᠳᠠᠵᠦ᠂ ᠴᠢᠩᠭ᠎ᠠ ᠰᠢᠯᠢᠯᠲᠡ ᠶᠢᠨ ᠬᠠᠷᠠᠴᠠ ᠪᠠᠷ | ᠡᠴᠢᠭᠡ ᠡᠭᠡ ᠪᠠ ᠨᠡᠶᠢᠭᠡᠮ ᠢ ᠰᠢᠨᠵᠢᠳᠡᠭ᠃ ᠢᠡᠭᠭᠢᠭᠡᠳ ᠮᠦᠷᠭᠦᠯᠳᠦᠭᠡᠨ ᠡᠭᠦᠰᠳᠡᠭ᠃ ᠡᠨᠡᠬᠦ ᠮᠦᠷᠭᠦᠯᠳᠦᠭᠡᠨ ᠨᠢ ᠦᠨᠡᠨᠳᠡᠭᠡᠨ ᠬᠤᠶᠠᠷ ᠦᠶ᠎ᠠ ᠶᠢᠨ ᠬᠦᠮᠦᠨ ᠤ | ᠰᠡᠳᠬᠢᠴᠡ ᠶᠢᠨ ᠬᠦᠭᠵᠢᠯᠲᠡ ᠶᠢᠨ ᠬᠢᠷᠢ ᠲᠦᠪᠰᠢᠨ ᠤ ᠢᠯᠭᠠᠭ᠎ᠠ ᠪᠤᠶᠤ ᠮᠡᠳᠡᠯᠭᠡ ᠶᠢᠨ ᠦᠨᠳᠦᠷᠴᠡ᠂ ᠠᠮᠢᠳᠤᠷᠠᠯ ᠤᠨ ᠲᠤᠷᠰᠢᠯᠭ᠎ᠠ ᠵᠢᠴᠢ ᠰᠢᠨ᠎ᠡ ᠮᠡᠳᠡᠯᠭᠡ ᠲᠠᠢ | ᠵᠤᠬᠢᠴᠠᠯᠳᠤᠭᠰᠠᠨ ᠴᠢᠳᠠᠪᠤᠷᠢ ᠶᠢᠨ ᠢᠯᠭᠠᠭ᠎ᠠ ᠠᠴᠠ ᠪᠤᠯᠤᠭᠰᠠᠨ ᠶᠤᠮ᠃ | ᠭᠤᠷᠪᠠ᠂ ᠬᠡᠤᠬᠡᠳ ᠢ ᠬᠦᠨᠳᠦᠳᠭᠡᠬᠦ ᠬᠡᠷᠡᠭᠲᠡᠢ᠃ ᠤᠯᠠᠨ ᠤᠯᠤᠰ ᠤᠨ ᠬᠤᠯᠪᠤᠭᠠᠲᠦ ᠪᠠᠶᠢᠭᠤᠯᠤᠯᠭ᠎ᠠ ᠶᠢᠨ ᠨᠡᠶᠢᠲᠡᠯᠡᠭᠰᠡᠨ ︽ᠬᠡᠤᠬᠡᠳ ᠤᠨ ᠡᠷᠭᠡ ᠶᠢᠨ | ᠨᠡᠶᠢᠲᠡ ᠶᠢᠨ ᠭᠡᠷ᠎ᠡ︾ ᠳᠤ ︽ᠬᠡᠤᠬᠡᠳ ᠤᠨ ᠤᠷᠤᠰᠢᠨ ᠠᠮᠢᠳᠤᠷᠠᠬᠤ ᠡᠷᠭᠡ᠂ ᠬᠦᠭᠵᠢᠬᠦ ᠡᠷᠭᠡ᠂ ᠬᠠᠮᠠᠭᠠᠯᠠᠭᠳᠠᠬᠤ ᠡᠷᠭᠡ᠂ ᠭᠡᠷ ᠪᠦᠯᠢ ᠶᠢᠨ ᠭᠡᠷᠡᠭ ᠲᠤ | ᠤᠷᠤᠯᠴᠠᠬᠤ ᠡᠷᠭᠡ᠂ ᠨᠡᠶᠢᠭᠡᠮ ᠤᠨ ᠠᠮᠢᠳᠤᠷᠠᠯ ᠤᠨ ᠡᠷᠭᠡ ᠶᠢ ᠬᠦᠨᠳᠦᠳᠭᠡᠬᠦ ᠭᠡᠷᠡᠭᠲᠡᠢ︾ ᠭᠡᠵᠦ ᠵᠢᠭᠠᠵᠦ ᠭᠠᠷᠭᠠᠵᠠᠢ᠃ ᠭᠡᠬᠦ ᠳᠤ ᠵᠠᠷᠢᠮ ᠭᠡᠷ ᠤᠨ ᠠᠬᠠᠮᠠᠳ᠄ ︽ | ᠡᠶᠢᠮᠦ ᠪᠠᠭ᠎ᠠ ᠬᠡᠤᠬᠡᠳ ᠶᠠᠮᠠᠷ ᠠᠷᠪᠢᠨ ᠡᠷᠭᠡ ᠲᠠᠢ ᠶᠤᠮ ᠪᠤᠢ︖ ᠡᠨᠡ ᠤᠯᠠᠨ ᠡᠷᠭᠡ ᠶᠢ ᠤᠯᠭᠤᠪᠠᠯ ᠲᠡᠳᠡᠨᠤᠰ ᠢ ᠬᠠᠮᠢᠶᠠᠷᠴᠦ ᠲᠡᠶᠢᠯᠬᠦ ᠶᠤᠮ ᠤᠤ︖︾ ᠭᠡᠵᠦ | ᠤᠨᠳᠤᠭᠤᠴᠠᠳᠠᠭ᠃ ᠦᠨᠡᠨᠳᠡᠭᠡᠨ ᠡᠴᠢᠭᠡ ᠡᠭᠡ ᠬᠡᠤᠬᠡᠳ ᠤᠨ ᠢᠶᠠᠨ ᠡᠷᠭᠡ ᠠᠰᠢᠭ ᠢ ᠬᠦᠨᠳᠦᠳᠭᠡᠵᠦ᠂ ᠲᠡᠷᠡᠴᠢᠯᠡᠨ ᠬᠡᠤᠬᠡᠳ ᠲᠡᠭᠡᠨ ᠦᠪᠡᠷ ᠤᠨ ᠡᠷᠭᠡ | ᠠᠰᠢᠭ ᠢᠶᠠᠨ ᠭᠡᠷᠬᠢᠨ ᠨᠠᠨᠳᠢᠩᠨᠠᠬᠤ ᠶᠢ ᠵᠢᠭᠠᠵᠦ ᠵᠢᠯᠤᠭᠤᠳᠬᠤ ᠦᠶ᠎ᠡ ᠳᠤ ᠰᠠᠶ᠋ᠢ ᠵᠢᠩᠬᠢᠨᠢ ᠰᠤᠷᠭᠠᠨ ᠬᠦᠮᠦᠵᠢᠯ ᠡᠬᠢᠯᠡᠳᠡᠭ᠃ | ᠲᠦᠷᠪᠡ᠂ ᠲᠠ ᠬᠡᠤᠬᠡᠳ ᠢᠶᠠᠨ ᠵᠠᠪᠠᠯ ᠢᠳᠡᠭᠡᠭᠡᠷᠡᠢ᠃ ᠢᠳᠡᠭᠡᠯ ᠬᠦᠷᠳᠡᠭᠰᠡᠡ ᠬᠡᠤᠬᠡᠳ ᠰᠠᠶ᠋ᠢ ᠵᠤᠷᠢᠭ ᠲᠠᠢ ᠪᠠᠶᠢᠳᠠᠭ᠃ ᠲᠡᠭᠡᠬᠦ ᠪᠠᠷ ᠬᠡᠤᠬᠡᠳ ᠲᠤ ᠵᠠᠪᠠᠯ | ᠰᠤᠷᠬᠤ ᠶᠢᠨ ᠢᠳᠡᠭᠡᠯ ᠬᠠᠶᠢᠷᠠᠯᠠᠵᠦ᠂ ᠬᠡᠤᠬᠡᠳ ᠲᠡᠭᠡᠨ ᠦᠪᠡᠷ ᠤᠨ ᠴᠢᠳᠠᠪᠤᠷᠢ ᠪᠠᠷ ᠢᠶᠠᠨ ᠬᠦᠰᠡᠵᠦ ᠰᠠᠨᠠᠭᠰᠠᠨ ᠵᠤᠷᠢᠯᠭ᠎ᠠ ᠳᠠᠭᠠᠨ ᠬᠦᠷᠬᠦ ᠶᠢ ᠵᠤᠷᠢᠭᠵᠢᠭᠤᠯᠤᠭᠠᠷᠠᠢ᠃ | | ᠲᠠᠪᠤ᠂ ᠪᠠᠭ᠋ᠠᠷᠬᠠᠬᠤ ᠨᠢ ᠠᠮᠵᠢᠯᠲᠠ ᠳᠤ ᠬᠦᠷᠭᠡᠳᠡᠭ᠃ ᠪᠠᠭ᠋ᠠᠷᠬᠠᠬᠤ ᠰᠤᠷᠭᠠᠨ ᠬᠦᠮᠦᠵᠢᠯ ᠤᠨ ᠰᠠᠶᠢᠨ ᠲᠠᠯ᠎ᠠ ᠶᠢ ᠮᠡᠳᠡᠷᠡᠵᠦ᠂ ᠬᠡᠤᠬᠡᠳ ᠤᠨ ᠬᠤᠭᠤᠷᠤᠨᠳᠦ | ᠵᠦᠷᠢᠶ᠎ᠡ ᠲᠠᠢ ᠪᠠᠶᠢᠳᠠᠭ ᠢ ᠤᠢᠢᠯᠠᠭᠠᠵᠦ᠂ ᠬᠡᠤᠬᠡᠳ ᠤᠨ ᠲᠠᠪᠠᠭᠤᠯᠢᠭ ᠲᠠᠯ᠎ᠠ ᠶᠢ ᠰᠦᠪᠡᠭᠴᠢᠯᠡᠵᠦ᠂ ᠬᠡᠤᠬᠡᠳ ᠦᠴᠦᠭᠡᠨ ᠲᠠᠪᠰᠢᠯᠲᠠ ᠲᠠᠢ ᠪᠠᠶᠢᠭᠰᠠᠨ ᠴᠤ | ᠲᠡᠭᠦᠨ ᠢᠶᠠᠷ ᠨᠢ ᠪᠠᠭ᠋ᠠᠷᠬᠠᠵᠦ ᠶᠠᠪᠤᠪᠠᠯ ᠵᠤᠬᠢᠨ᠎ᠠ᠃ | |