ᠵᠤᠨ ᠤ ᠤᠯᠠᠷᠢᠯ ᠳᠤ ᠠᠷᠠᠰᠤ ᠠᠮᠠᠷᠬᠠᠨ ᠬᠠᠷᠠᠯᠠᠳᠠᠭ᠂ ᠭᠤᠷᠪᠠᠨ ᠵᠦᠢᠯ ᠤᠨ ᠵᠢᠮᠢᠰ ᠢᠯᠡᠭᠦᠬᠡᠨ ᠢᠳᠡᠪᠡᠯ ᠴᠢᠰᠦ ᠨᠦᠬᠦᠨ ᠠᠷᠠᠰᠤ ᠴᠠᠶᠢᠷᠠᠭᠤᠯᠵᠦ ᠦᠳᠡᠯᠬᠦ | ᠠᠴᠠ ᠰᠡᠷᠭᠡᠶᠢᠯᠡᠨ᠎ᠡ᠃ | ᠪᠡᠷᠴᠢᠭᠡᠷ ᠯᠤᠤ ᠵᠢᠨᠨᠢᠳᠦᠨ ᠳᠤ ᠰᠢᠬᠢᠷ ᠤᠭᠤᠷᠠᠭ ᠵᠢᠮᠢᠰ ᠤᠨ ᠴᠠᠪᠠᠤ ᠸᠢᠲ᠋ᠠᠮᠢᠨ ᠹᠤᠰᠹᠤᠷ ᠲᠡᠮᠦᠷ ᠵᠡᠷᠭᠡ ᠠᠬᠤᠭᠤᠯᠤᠬᠳᠠᠨᠠ᠃ ᠸᠢᠲ᠋ᠠᠮᠢᠨ ᠪᠠ ᠲᠡᠮᠦᠷ ᠨᠢ | ᠪᠦᠷ ᠬᠦᠮᠦᠨ ᠤ ᠦᠩᠭᠡ ᠵᠢᠰᠦ ᠶᠢ ᠰᠠᠶᠢᠵᠢᠷᠠᠭᠤᠯᠬᠤ ᠰᠢᠮ᠎ᠡ ᠲᠡᠵᠢᠭᠡᠯ ᠪᠤᠯᠪᠠᠴᠤ ᠪᠡᠷᠴᠢᠭᠡᠷ ᠯᠤᠤ ᠶᠢᠨ ᠨᠢᠳᠦ ᠬᠠᠯᠠᠭᠤᠨ ᠴᠢᠨᠡᠷᠳᠡᠢ᠂ ᠠᠷᠪᠢᠨ ᠢᠳᠡᠪᠡᠯ ᠬᠠᠴᠠᠷ | ᠲᠡᠭᠡᠷ᠎ᠡ ᠠᠮᠠᠷᠬᠠᠨ ᠰᠡᠪᠬᠡ ᠭᠠᠷᠴᠦ ᠮᠡᠳᠡᠨ᠎ᠡ᠂ ᠡᠶᠢᠮᠦ ᠠᠴᠠ ᠬᠡᠳᠦᠷᠡᠳᠡᠯ᠎ᠡ ᠢᠳᠡᠵᠦ ᠪᠤᠯᠬᠤ ᠦᠬᠡᠢ᠃ | ᠰᠢᠷᠠᠰᠤᠨ ᠵᠢᠮᠢᠰ ᠪᠤᠯ ᠠᠷᠠᠰᠤ ᠶᠢ ᠰᠠᠶᠢᠬᠠᠨ ᠪᠤᠯᠭᠠᠬᠤ ᠵᠢᠮᠢᠰ ᠪᠤᠯᠤᠨ᠎ᠠ᠂ ᠲᠡᠬᠦᠨ ᠳᠤ ᠸᠢᠲ᠋ᠠᠮᠢᠨ ᠵᠢᠮᠢᠰ ᠤᠨ ᠰᠢᠬᠢᠷ ᠦᠵᠦᠮ ᠤᠨ ᠰᠢᠬᠢᠷ ᠵᠡᠷᠭᠡ ᠰᠢᠮ᠎ᠡ | ᠲᠡᠵᠢᠭᠡᠯ ᠪᠠᠭᠳᠠᠵᠦ᠂ ᠵᠦᠪᠬᠡᠨ ᠸᠢᠲ᠋ᠠᠮᠢᠨ ᠤ ᠠᠭᠤᠯᠤᠬᠳᠠᠴᠠ ᠨᠢ ᠪᠤᠰᠤᠳ ᠵᠢᠮᠢᠰ ᠤᠨ ᠬᠡᠳᠦᠨ ᠲᠠᠬᠢᠨ᠂ ᠭᠤᠶᠤᠯᠠᠬᠤ ᠲᠤᠷᠠᠳᠠᠢ ᠬᠡᠤᠬᠡᠨᠴᠦᠳ ᠢᠯᠡᠬᠦᠤ ᠢᠳᠡᠬᠦ | ᠳᠤ ᠬᠠᠮᠢᠶ᠎ᠠ ᠦᠬᠡᠢ᠃ | ᠨᠢᠮᠪᠡᠭᠡ ᠪᠤᠯ ᠵᠢᠮᠢᠰ ᠤᠨ ᠲᠤᠮᠳᠠᠬᠢ ᠵᠢᠰᠤ ᠭᠤᠶᠤᠯᠠᠬᠤ ᠰᠠᠶᠢᠨ ᠡᠳ᠋᠂ ᠪᠠᠶᠠᠯᠢᠭ ᠸᠢᠲ᠋ᠠᠮᠢᠨ ᠤᠷᠭᠠᠨᠢᠭ ᠬᠦᠴᠢᠯ ᠡᠷᠤᠳᠡᠰᠦ ᠪᠤᠳᠠᠰ ᠵᠡᠷᠭᠡ ᠤᠯᠠᠨ ᠵᠦᠢᠯ ᠤᠨ | ᠵᠢᠰᠦ ᠭᠤᠶᠤᠯᠠᠬᠤ ᠲᠡᠵᠢᠭᠡᠯᠳᠦ ᠪᠤᠳᠠᠰ ᠪᠠᠭᠳᠠᠨ᠎ᠠ᠃ ᠭᠡᠪᠡᠴᠦ ᠨᠢᠮᠪᠡᠭᠡ ᠬᠦᠴᠢᠯᠯᠢᠭ ᠴᠢᠨᠡᠷ ᠢᠶᠠᠷ ᠶᠡᠭᠡ᠂ ᠰᠢᠭᠤᠳ ᠠᠮᠠᠨ ᠳᠤ ᠤᠷᠤᠪᠠᠯ ᠵᠠᠯᠬᠢᠬᠤ ᠳᠤ ᠬᠦᠴᠢᠷᠳᠡᠢ | ᠂ ᠡᠶᠢᠮᠦ ᠠᠴᠠ ᠵᠢᠮᠢᠰ ᠤᠨ ᠰᠢᠭᠦᠰᠦ ᠶᠢ ᠰᠢᠬᠠᠨ ᠭᠠᠷᠭᠠᠵᠤ᠂ ᠰᠢᠭᠤᠳ ᠨᠤᠭᠤᠭᠠᠨ ᠳᠤ ᠬᠢᠬᠦ ᠪᠤᠶᠤ ᠨᠠᠮᠪᠡᠭᠡ ᠶᠢᠨ ᠤᠮᠳᠠᠭᠠᠨ ᠪᠤᠯᠭᠠᠵᠤ ᠪᠦᠷ ᠪᠤᠯᠤᠨ᠎ᠠ᠃ |