ᠡᠷᠲᠡ ᠦᠶ᠎ᠡ ᠳᠤ ᠡᠷ᠎ᠡ ᠭᠦᠮᠦᠨ ᠤ ᠰᠦᠨᠡᠰᠦ ᠪᠦᠰᠡᠨ ᠳᠤ ᠪᠠᠨ᠂ ᠰᠦᠯᠳᠡ ᠨᠢ ᠮᠠᠯᠠᠭᠠᠢ ᠳᠤ ᠪᠠᠨ ᠶᠠᠪᠤᠳᠠᠭ ᠪᠣᠯᠬᠤᠷ ᠭᠦᠮᠦᠨ ᠤ ᠬᠠᠭᠤᠴᠢᠨ ᠵᠦᠢᠯ ᠢ | ᠲᠡᠷᠢᠭᠦᠨ ᠳᠡᠭᠡᠨ ᠪᠤᠣ ᠭᠦᠷᠭᠡ︕ ᠬᠠᠷᠢᠨ ᠡᠮᠡᠭᠲᠡᠢ ᠭᠦᠮᠦᠨ ᠪᠦᠰᠡ ᠦᠭᠡᠢ ᠪᠣᠯᠬᠤᠷ ᠪᠦᠰᠡᠭᠦᠢ ᠭᠡᠳᠡᠭ ᠪᠠᠶᠢᠭᠰᠠᠨ ᠪᠦᠭᠡᠳ ᠰᠦᠯᠳᠡ ᠰᠦᠨᠡᠰᠦ ᠬᠤᠶᠠᠷ ᠨᠢ | ᠴᠢᠭᠢᠨ ᠳᠤᠨᠢ ᠪᠠᠶᠢᠳᠠᠭ ᠶᠤᠮ ᠭᠡᠵᠦ ᠨᠤᠲᠤᠭ ᠤᠨ ᠨᠠᠰᠤᠲᠠᠶᠢᠴᠤᠳ ᠭᠡᠯᠡᠳᠡᠭ ᠪᠢᠯᠡ᠃ ᠪᠠᠰᠠ ᠪᠦᠰᠡᠭᠦᠢ ᠭᠦᠮᠦᠨ 16 ᠨᠠᠰᠤ ᠭᠦᠷᠭᠦᠯᠡᠷ ᠴᠢᠳᠭᠦᠷ ᠬᠤᠷᠭᠤᠳᠠᠭ | ᠶᠤᠮ ᠪᠠᠶᠢᠨ᠎ᠠ᠃ ᠶᠠᠩᠵᠤ ᠪᠦᠷᠢ ᠶᠢᠨ ᠮᠠᠭᠤ ᠶᠠᠭᠤᠮ᠎ᠠ ᠤᠷᠤᠭᠤ ᠲᠠᠲᠠᠳᠠᠭ ᠭᠡᠨ᠎ᠡ᠃ ᠭᠡᠭᠦ ᠳᠡᠭᠡᠨ ᠡᠭᠡᠮᠦᠭ ᠵᠡᠭᠦᠭᠡ ᠦᠭᠡᠢ ᠴᠢᠭᠢᠨ ᠳᠤ ᠴᠢᠳᠭᠦᠷ ᠰᠢᠩᠭᠡᠳᠡᠭ | ᠪᠠᠶᠢᠵᠠᠢ᠂ ᠲᠡᠶᠢᠮᠦ ᠠᠴᠠ ᠡᠮᠡᠭᠲᠡᠢ ᠭᠦᠮᠦᠨ ᠡᠭᠡᠮᠦᠭ ᠵᠡᠭᠦᠵᠦ ᠴᠢᠳᠭᠦᠷ ᠢ ᠭᠦᠭᠡᠭᠡᠳᠡᠭ ᠪᠤᠯᠤᠭᠰᠠᠨ ᠴᠢᠨᠢ ᠡᠭᠡᠮᠦᠭ ᠭᠠᠢ ᠵᠣᠪᠠᠯᠠᠩ᠂ ᠮᠠᠭᠤ ᠮᠠᠭᠤᠬᠠᠢ ᠪᠤᠵᠠᠷ ᠨᠢ | ᠡᠭᠡᠮᠦᠭ ᠲᠤᠨᠢ ᠰᠢᠩᠭᠡᠭ ᠭᠡᠵᠦ ᠴᠢᠳᠭᠦᠷ ᠬᠠᠷᠢᠶᠠᠴᠢᠬᠠᠵᠠᠢ ᠭᠡᠳᠡᠭ ᠭᠡᠯᠡᠯᠭᠡ ᠪᠠᠰᠠ ᠪᠠᠶᠢᠳᠠᠭ᠃ | ᠲᠡᠶᠢᠮᠦ ᠠᠴᠠ ᠡᠮᠡᠭᠲᠡᠢ ᠭᠦᠮᠦᠨ ᠤ ᠵᠡᠭᠦᠭᠰᠡᠨ ᠡᠭᠡᠮᠦᠭ ᠲᠡᠷᠡ ᠲᠤᠰᠤᠮ ᠢᠶᠠᠨ ᠮᠠᠭᠤ ᠮᠠᠭᠤᠬᠠᠢ ᠠᠴᠠ ᠵᠠᠶᠢᠴᠠᠭᠤᠯᠳᠠᠭ ᠡᠨᠧᠷᠭᠢ ᠬᠠᠳᠠᠭᠠᠯᠠᠳᠠᠭ ᠪᠣᠯᠬᠤᠷ | ᠵᠡᠭᠦᠵᠦ ᠪᠤᠢ ᠭᠦᠮᠦᠨ ᠤ ᠪᠠᠨ ᠵᠤᠪᠠᠯᠠᠩ ᠭᠠᠢ ᠶᠡᠭᠡ ᠪᠤᠵᠠᠷ ᠰᠢᠩᠭᠡᠭᠡᠳᠡᠭ ᠶᠤᠮ᠃ ᠲᠡᠭᠡᠭᠡᠳ ᠡᠭᠡᠮᠦᠭ ᠢᠶᠠᠨ ᠭᠡᠭᠡᠴᠢᠪᠡᠯ ᠵᠤᠪᠠᠯᠠᠩ ᠠᠷᠢᠯᠤᠯ᠎ᠠ ᠭᠡᠳ ᠠᠷᠤ ᠠᠴᠠ ᠨᠢ | ᠬᠠᠷᠠᠮᠰᠠᠳᠠᠭ ᠦᠭᠡᠢ᠃ ᠪᠠᠰᠠ ᠳᠠᠭᠢᠵᠦ ᠬᠤᠣᠰ ᠪᠣᠯᠭᠠᠳᠠᠭ ᠦᠭᠡᠢ ᠬᠠᠶᠢᠯᠠᠭᠤᠯᠤᠭᠠᠳ ᠦᠭᠡᠷ᠎ᠡ ᠵᠦᠢᠯ ᠭᠢᠳᠡᠭ ᠪᠠᠶᠢᠵᠠᠢ᠃ | ᠮᠣᠩᠭᠤᠯᠴᠤᠳ ᠭᠦᠮᠦᠨ ᠤ ᠠᠯᠲᠠᠨ ᠡᠭᠡᠮᠦᠭ ᠢ ᠣᠯᠪᠠᠯ ᠮᠠᠭᠤ ᠮᠠᠭᠤᠬᠠᠢ ᠪᠠᠨ ᠭᠠᠳᠠᠭᠰᠢᠯᠠᠭᠤᠯᠳᠠᠭ᠂ ᠮᠠᠭᠤ ᠨᠢ ᠠᠷᠢᠯᠤᠭ ᠭᠡᠵᠦ ᠪᠣᠳᠣᠭᠠᠳ ᠳᠡᠭᠡᠷ᠎ᠡ ᠨᠢ | ᠪᠡᠶ᠎ᠡ ᠵᠠᠰᠠᠵᠤ ᠠᠪᠳᠠᠭ᠃ ᠲᠡᠶᠢᠮᠦ ᠠᠴᠠ ᠨᠢᠯᠬ᠎ᠠ ᠦᠭᠢᠨ ᠳᠡᠭᠡᠨ ᠦᠪᠡᠷ ᠤᠨ ᠢᠶᠠᠨ ᠵᠡᠭᠦᠵᠦ ᠪᠠᠶᠢᠭᠰᠠᠨ ᠬᠠᠭᠤᠴᠢᠨ ᠡᠭᠡᠮᠦᠭ ᠢ ᠪᠤᠣ ᠵᠡᠭᠦᠯᠭᠡᠭᠡᠷᠡᠢ᠂ ᠭᠡᠷᠪᠡ ᠶᠡᠭᠡ | ᠦᠨᠡᠲᠡᠢ ᠡᠭᠡᠮᠦᠭ ᠪᠣᠯ ᠭᠡᠯᠪᠡᠷᠢ ᠳᠦᠷᠰᠦ ᠶᠢ ᠨᠢ ᠦᠭᠡᠷᠡᠴᠢᠯᠡᠨ᠂ ᠰᠢᠨ᠎ᠡ ᠪᠠᠷ ᠴᠣᠭᠢᠭᠤᠯᠵᠤ ᠵᠡᠭᠦᠯᠭᠡ᠃ | |