ᠭᠤᠸᠠᠩᠵᠸᠣ ᠶᠢᠨ ᠬᠤᠸᠠ ᠨᠠᠨ ᠤᠷᠭᠤᠮᠠᠯ ᠤᠨ ᠬᠦᠷᠢᠶᠡᠯᠡᠩ ᠤᠨ ᠰᠢᠨ᠎ᠡ ᠰᠤᠳᠣᠯᠭᠠᠨ ᠠᠴᠠ ᠦᠵᠡᠪᠡᠯ᠂ ᠡᠬᠡ ᠪᠠᠶᠢᠭᠠᠯᠢ ᠲᠠᠢ ᠣᠶᠢᠷ᠎ᠠ ᠪᠠᠶᠢᠬᠤ ᠨᠢ | ᠬᠦᠮᠦᠨ ᠤ ᠰᠡᠳᠬᠢᠴᠡ ︵ᠬᠦᠮᠦᠨ ᠪᠣᠯᠣᠨ ᠪᠠᠶᠢᠭᠠᠯᠢ ᠶᠢᠨ ᠬᠤᠭᠤᠷᠣᠨᠳᠣᠬᠢ ᠬᠠᠷᠢᠯᠴᠠᠭᠠᠨ ᠤ ᠪᠡᠶᠡᠴᠢ ᠰᠡᠳᠬᠢᠭᠳᠡᠯ︶ ᠶᠢᠨ ᠡᠷᠡᠭᠦᠯ ᠮᠡᠨᠳᠦ ᠳᠤ ᠨᠥᠯᠥᠭᠡ ᠲᠠᠢ᠃ | ᠨᠣᠭᠤᠭᠠᠨ ᠵᠦᠯᠭᠡ ᠵᠡᠷᠭᠡ ᠪᠠᠶᠢᠭᠠᠯᠢ ᠶᠢᠨ ᠣᠷᠴᠢᠨ ᠳᠤ ᠪᠠᠶᠢᠬᠤ ᠨᠢ ᠣᠶᠣᠨ ᠰᠠᠨᠠᠭᠠᠨ ᠤ ᠳᠠᠷᠣᠭᠠᠰᠣ ᠶᠢ ᠬᠥᠩᠭᠡᠯᠡᠵᠣ᠂ ᠬᠦᠮᠦᠰ ᠤᠨ ᠪᠠᠶᠢᠭᠠᠯᠢ ᠣᠷᠴᠢᠨ ᠳᠠᠬᠢ | ᠪᠠᠶᠡᠴᠢ ᠰᠡᠳᠬᠢᠭᠳᠡᠯ ᠴᠢᠩᠭᠠᠷᠠᠬᠤ ᠲᠣᠲᠣᠮ ᠠᠵᠠ ᠵᠢᠷᠭᠠᠯ ᠢ ᠮᠡᠳᠡᠷᠡᠵᠣ᠂ ᠡᠬᠦᠨ ᠤ ᠤᠯᠠᠮ ᠢᠶᠠᠷ ᠰᠡᠳᠬᠢᠴᠡ ᠶᠢᠨ ᠡᠪᠡᠳᠴᠢᠨ ᠣᠯᠬᠤ ᠡᠷᠡᠰᠳᠡᠯ ᠢ ᠪᠠᠭᠠᠰᠬᠠᠬᠤ | ᠪᠣᠯᠣᠨ᠎ᠠ ᠭᠡᠵᠦ ᠦᠵᠡᠵᠡᠢ᠃ ᠬᠠᠮᠢᠶᠠᠲᠠᠢ ᠰᠤᠳᠣᠯᠭᠠᠨ ᠤ ᠦᠷ᠎ᠡ ᠪᠦᠲᠦᠭᠡᠯ ᠢ ᠣᠶᠢᠷ᠎ᠠ ᠳᠤ᠂ ᠡᠷᠳᠡᠮ ᠰᠢᠨᠵᠢᠯᠡᠭᠡᠨ ᠤ ᠰᠡᠳᠬᠦᠯ ︽ᠥᠩᠭᠡ ᠦᠵᠡᠮᠵᠢ ᠪᠠ | ᠬᠤᠲᠠ ᠶᠢᠨ ᠲᠥᠯᠥᠪᠵᠢᠭᠦᠯᠭᠡ︾ ᠳᠡᠭᠡᠷ᠎ᠡ ᠨᠡᠶᠢᠲᠡᠯᠡᠭᠰᠡᠨ ᠪᠠᠶᠢᠨ᠎ᠠ᠃ | ᠲᠤᠭ᠎ᠠ ᠪᠦᠷᠢᠳᠬᠡᠯ ᠳᠤ ᠢᠯᠡᠷᠡᠭᠦᠯᠦᠭᠰᠡᠨ ᠢᠶᠠᠷ᠂ ᠮᠠᠨ ᠤ ᠤᠯᠣᠰ ᠤᠨ ᠨᠠᠰᠣᠨ ᠳᠤ ᠬᠦᠷᠦᠭᠰᠡᠳ ᠤᠨ ᠡᠯ᠎ᠡ ᠵᠦᠢᠯ ᠤᠨ ᠰᠡᠳᠬᠢᠴᠡ ᠶᠢᠨ ᠡᠪᠡᠳᠴᠢᠨ ᠳᠤ | ᠨᠡᠷᠪᠡᠭᠳᠡᠵᠣ ᠨᠢᠭᠡ ᠨᠠᠰᠣ ᠪᠠᠷ ᠢᠶᠠᠨ ᠡᠪᠡᠳᠴᠢᠨ ᠤ ᠳᠠᠷᠴᠢᠯᠭᠠᠯ ᠠᠮᠰᠠᠬᠤ ᠨᠣᠷᠮ᠎ᠠ 16.6% ᠳᠤ ᠬᠦᠷᠴᠦ᠂ ᠰᠡᠳᠬᠢᠴᠡ ᠶᠢᠨ ᠡᠪᠡᠳᠴᠢᠨ ᠠᠴᠠ ᠪᠣᠯᠣᠭᠰᠠᠨ | ᠳᠠᠷᠣᠭᠠᠰᠣ ᠪᠦᠬᠦᠶᠢᠯᠡ ᠡᠪᠡᠳᠴᠢᠨ ᠤ ᠳᠣᠲᠣᠷ᠎ᠠ ᠬᠤᠶᠠᠳᠣᠭᠠᠷ ᠪᠠᠶᠢᠷᠢ ᠶᠢ ᠡᠵᠡᠯᠡᠵᠣ ᠪᠠᠶᠢᠨ᠎ᠠ᠃ ᠡᠶᠢᠮᠦ ᠠᠴᠠ ᠰᠡᠳᠬᠢᠴᠡ ᠶᠢᠨ ᠡᠷᠡᠭᠦᠯ ᠮᠡᠨᠳᠣ ᠳᠤ ᠵᠣᠷᠢᠭᠤᠯᠬᠤ | ᠲᠥᠷᠦ ᠶᠢᠨ ᠪᠣᠳᠣᠯᠭ᠎ᠠ ᠪᠠ ᠰᠠᠭᠤᠷᠢ ᠪᠦᠲᠦᠭᠡᠨ ᠪᠠᠶᠢᠭᠤᠯᠣᠯᠲᠠ ᠲᠣᠯᠭᠠᠮ᠎ᠠ ᠱᠠᠭᠠᠷᠳᠠᠭᠳᠠᠵᠣ ᠪᠠᠶᠢᠨ᠎ᠠ᠃ | ᠡᠭᠦᠨ ᠠᠴᠠ ᠡᠮᠦᠨᠡᠬᠢ ᠶᠡᠭᠡ ᠬᠡᠮᠵᠢᠶᠡᠨ ᠤ ᠰᠤᠳᠤᠯᠭᠠᠨ ᠳᠤ᠂ ᠡᠪᠡᠰᠤ ᠲᠠᠢ ᠭᠠᠵᠠᠷ ᠨᠢ ᠰᠡᠳᠬᠢᠴᠡ ᠶᠢᠨ ᠡᠪᠡᠳᠴᠢᠨ ᠣᠯᠬᠤ ᠨᠣᠷᠮ᠎ᠠ ᠶᠢ ᠪᠠᠭᠠᠰᠬᠠᠬᠤ ᠶᠢᠨ | ᠬᠠᠮᠲᠣ ᠠᠵᠠ ᠵᠢᠷᠭᠠᠯ ᠲᠠᠢ ᠪᠠᠶᠢᠬᠤ ᠮᠡᠳᠡᠷᠡᠮᠵᠢ ᠶᠢ ᠳᠡᠭᠡᠭᠰᠢᠯᠡᠭᠦᠯᠦᠨ᠎ᠡ ᠭᠡᠳᠡᠭ ᠢ ᠢᠯᠡᠷᠡᠭᠦᠯᠦᠭᠰᠡᠨ ᠪᠣᠯᠪᠠᠴᠣ᠂ ᠪᠡᠶᠡᠴᠢ ᠪᠠᠷ ᠪᠠᠶᠢᠭᠠᠯᠢ ᠲᠠᠢ ᠣᠶᠢᠷᠠᠲᠣᠬᠤ ᠬᠡᠮᠵᠢᠶ᠎ᠡ | ᠨᠢ ᠡᠪᠡᠰᠦ ᠲᠠᠢ ᠭᠠᠵᠠᠷ ᠪᠠ ᠰᠡᠳᠭᠢᠴᠡ ᠶᠢᠨ ᠡᠷᠡᠭᠦᠯ ᠮᠡᠨᠳᠣ ᠶᠢᠨ ᠬᠠᠷᠢᠴᠠᠭᠠᠨ ᠳᠤ ᠨᠥᠯᠦᠭᠡ ᠪᠣᠯᠤᠨ᠎ᠠ ᠭᠡᠳᠡᠭ ᠢ ᠣᠯᠠᠩᠬᠢ ᠰᠤᠳᠣᠯᠭᠠᠨ ᠳᠤ ᠠᠩᠵᠠᠭᠠᠷᠠᠭᠰᠠᠨ | ᠦᠭᠡᠢ ᠪᠠᠶᠢᠨ᠎ᠠ᠃ ᠡᠨᠡ ᠤᠳᠠᠭᠠᠨ ᠤ ᠰᠤᠳᠣᠯᠭᠠᠨ ᠳᠤ ᠢᠯᠡᠷᠡᠭᠦᠯᠦᠭᠰᠡᠨ ᠢᠶᠠᠷ᠂ ᠡᠪᠡᠰᠦ ᠲᠠᠢ ᠭᠠᠵᠠᠷ ᠲᠠᠢ ᠣᠶᠢᠷ᠎ᠠ ᠪᠠᠶᠢᠵᠣ ᠰᠡᠳᠬᠢᠴᠡ ᠶᠢᠨ ᠡᠷᠡᠭᠦᠯ ᠮᠡᠨᠳᠣ ᠪᠠᠨ | ᠪᠠᠲᠣᠯᠠᠬᠤ ᠦᠷ᠎ᠡ ᠪᠦᠲᠦᠮᠵᠢ ᠨᠢ ᠪᠠᠶᠢᠭᠠᠯᠢ ᠲᠠᠢ ᠣᠶᠢᠷ᠎ᠠ ᠪᠠᠶᠢᠳᠠᠭ ᠬᠦᠮᠦᠰ ᠤᠨ ᠳᠤᠮᠳᠠ ᠢᠯᠡᠭᠦᠦ ᠥᠨᠳᠦᠷ ᠪᠠᠶᠢᠳᠠᠭ ᠢ ᠢᠯᠡᠷᠡᠭᠦᠯᠦᠭᠰᠡᠨ ᠢᠶᠠᠷ ᠪᠠᠷᠠᠬᠤ ᠦᠭᠡᠢ | ᠪᠠᠰᠠ᠂ ᠪᠠᠶᠢᠭᠠᠯᠢ ᠳᠡᠯᠡᠬᠡᠢ ᠶᠢᠨ ᠬᠦᠮᠦᠰ ᠤᠨ ᠰᠡᠳᠬᠢᠴᠡ ᠶᠢᠨ ᠡᠷᠡᠭᠦᠯ ᠮᠡᠨᠳᠣ ᠳᠤ ᠠᠪᠴᠢᠷᠠᠬᠤ ᠠᠰᠢᠭ ᠢ ᠳᠡᠭᠡᠭᠰᠢᠯᠡᠭᠦᠯᠬᠦ ᠶᠢᠨ ᠲᠥᠯᠦᠭᠡ᠂ ᠬᠦᠮᠦᠰ ᠢ | ᠵᠣᠷᠢᠭᠵᠢᠭᠤᠯᠣᠨ ᠬᠡᠭᠡᠷ᠎ᠡ ᠭᠠᠳᠠᠨᠠᠬᠢ ᠬᠥᠳᠡᠯᠭᠡᠭᠡᠨ ᠳᠤ ᠣᠷᠣᠯᠴᠠᠭᠤᠯᠬᠤ ᠶᠢᠨ ᠬᠠᠮᠲᠣ ᠬᠦᠮᠦᠰ ᠤᠨ ᠪᠠᠶᠢᠭᠠᠯᠢ ᠳᠡᠯᠡᠬᠡᠢ ᠳᠤ ᠬᠠᠨᠳᠣᠬᠤ ᠪᠡᠶᠡᠴᠢ ᠰᠡᠳᠬᠢᠭᠳᠡᠯ ᠢ | ᠳᠡᠭᠡᠭᠰᠢᠯᠡᠬᠦᠯᠬᠦ ᠴᠢᠬᠤᠯᠠᠲᠠᠢ ᠭᠡᠳᠡᠭ ᠢ ᠢᠯᠡᠷᠡᠭᠦᠯᠵᠡᠢ᠃ | |