| ᠭᠠᠴᠠᠭᠠᠨ ᠤ ᠬᠠᠮᠲᠤ ᠶᠢᠨ ᠠᠵᠤ ᠠᠬᠤᠶ ᠶᠢ ᠬᠥᠭᠵᠢᠭᠦᠯᠦᠨ ᠪᠤᠵᠠᠭᠠᠶᠢᠷᠠᠭᠤᠯᠵᠤ᠂ ᠨᠠᠮ ᠤᠨ ᠡᠭᠦᠷ ᠠᠴᠠ ᠬᠤᠷᠰᠢᠶᠠᠵᠢᠯ ᠢ ᠳᠠᠭᠠᠭᠤᠯᠤᠨ | ᠲᠠᠶᠢᠴᠢᠯᠠᠬᠤ ᠶᠢ ᠲᠦᠷᠭᠡᠳᠬᠡᠨ ᠠᠬᠢᠭᠤᠯᠬᠤ ᠶᠢᠨ ᠲᠥᠯᠥᠭᠡ᠂ ᠣᠶᠢᠷ᠎ᠠ ᠳᠤ᠂ ᠰᠠᠭᠠᠳᠠᠭ ᠰᠤᠮᠤᠨ ᠤ ᠬᠠᠶᠢᠯᠠᠰᠤᠲᠠᠶ ᠭᠠᠴᠠᠭᠠᠨ ᠤ ᠨᠠᠮ ᠤᠨ ᠡᠭᠦᠷ ᠤᠨ ᠵᠣᠬᠢᠶᠠᠨ | ᠪᠠᠢᠭᠤᠯᠤᠯᠲᠠ ᠶᠢᠨ ᠬᠡᠰᠡᠭ ᠺᠠᠳ᠋ᠷ ᠠᠵᠢᠯᠲᠠᠠ᠂ ︽ᠬᠤᠶᠠᠷ ᠵᠥᠪᠯᠡᠯ︾᠂ ᠨᠠᠮ ᠤᠨ ᠭᠡᠰᠢᠭᠦᠨ ᠪᠠ ᠮᠠᠯᠴᠢᠳ ᠤᠨ ᠲᠦᠯᠦᠭᠡᠯᠡᠭᠴᠢᠳ ᠤᠷᠠᠳ ᠤᠨ ᠳᠤᠮᠳᠠᠳᠤ | ᠬᠤᠰᠢᠭᠤᠨ ᠤ ᠰᠢᠨ᠎ᠡ ᠬᠦᠷᠢᠶ᠎ᠡ ᠰᠤᠮᠤ ᠶᠢᠨ ᠰᠢᠷᠡᠭᠡ ᠭᠠᠴᠠᠭ᠎ᠠ ᠶᠢᠨ ᠨᠠᠮ ᠤᠨ ᠡᠭᠦᠷ ᠤᠨ ᠳᠠᠭᠠᠭᠤᠯᠤᠨ ᠡᠷᠬᠢᠯᠡᠭᠰᠡᠨ ᠬᠤᠷᠰᠢᠶᠠᠯ᠂ ᠴᠣᠨᠵᠢ ᠰᠤᠮᠤ ᠶᠢᠨ ᠪᠠᠶᠠᠨᠭᠤᠤᠯ | ᠭᠠᠴᠠᠭ᠎ᠠ ᠶᠢᠨ ᠨᠠᠮ ᠤᠨ ᠡᠭᠦᠷ ᠤᠨ ᠳᠠᠭᠠᠭᠤᠯᠤᠨ ᠡᠷᠬᠢᠯᠡᠭᠰᠡᠨ ᠬᠤᠷᠰᠢᠶᠠᠵᠢᠯ ︵ᠭᠤᠸᠠᠩ ᠮᠦ ᠵᠢᠭᠤᠯᠴᠢᠯᠠᠯ ᠤᠨ ᠨᠢᠭᠡ ᠴᠤᠬᠴᠠᠵᠢᠬᠰᠠᠨ ᠬᠥᠭᠵᠢᠯᠲᠡ ᠶᠢᠨ ᠠᠵᠤ | ᠦᠢᠯᠡᠰ︶᠂ ᠬᠤᠯᠤᠰᠤᠲᠠᠢ ᠰᠤᠮᠤᠨ ᠤ ᠬᠤᠯᠤᠰᠤᠲᠠᠢ ᠭᠠᠴᠠᠭ᠎ᠠ ᠶᠢᠨ ᠨᠠᠮ ᠤᠨ ᠡᠭᠦᠷ ᠤᠨ ᠳᠠᠭᠠᠭᠤᠯᠤᠨ ᠡᠷᠬᠢᠯᠡᠭᠰᠡᠨ ᠬᠤᠷᠰᠢᠶᠠᠵᠢᠯ ︵ᠠᠯᠠᠰᠢᠨ ᠦᠬᠡᠷ ᠲᠡᠵᠢᠭᠡᠨ | ᠦᠷᠡᠵᠢᠭᠦᠯᠬᠦ ᠪᠠ ᠴᠠᠭᠠᠨ ᠢᠳᠡᠭᠡᠨ ᠡᠳ᠋ᠰᠢᠭᠦᠯᠬᠦ︶ ᠤᠨ ᠲᠤᠬᠠᠢ ᠶᠢᠨ ᠭᠠᠵᠠᠷ ᠲᠤᠨᠢ ᠲᠣᠭᠤᠷᠢᠨ ᠦᠵᠡᠨ ᠰᠣᠷᠣᠯᠴᠠᠵᠤ᠂ ᠲᠡᠳᠡᠨ ᠤ ᠬᠤᠷᠰᠢᠶᠠᠵᠢᠯ ᠢ ᠡᠭᠦᠳᠦᠨ | ᠪᠠᠶᠢᠭᠤᠯᠤᠭᠰᠠᠨ ᠲᠤᠷᠰᠢᠯᠭ᠎ᠠ᠂ ᠠᠵᠤ ᠦᠢᠯᠡᠰ ᠤᠨ ᠬᠥᠭᠵᠢᠯᠲᠡ ᠶᠢᠨ ᠲᠠᠨᠢᠯᠴᠠᠭᠤᠯᠭ᠎ᠠ ᠪᠠ ᠨᠠᠮ ᠤᠨ ᠡᠭᠦᠷ ᠠᠴᠠ ᠬᠤᠷᠰᠢᠶᠠᠵᠢᠯ ᠤᠨ ᠠᠵᠢᠯ ᠢ ᠳᠠᠭᠠᠭᠤᠯᠤᠨ | ᠥᠷᠨᠢᠭᠦᠯᠦᠭᠰᠡᠨ ᠪᠠᠶᠢᠳᠠᠯ ᠢ ᠨᠠᠷᠢᠨ ᠣᠶᠢᠯᠠᠭᠠᠬᠤ ᠶᠢᠨ ᠬᠠᠮᠲᠤ ᠬᠤᠷᠰᠢᠶᠠᠵᠢᠯ ᠤᠨ ᠡᠵᠡᠩᠨᠡᠯᠲᠡ᠂ ᠠᠵᠤ ᠦᠢᠯᠡᠰ ᠢ ᠠᠬᠢᠭᠤᠯᠬᠤ ᠠᠷᠭ᠎ᠠ ᠬᠡᠯᠪᠡᠷᠢ᠂ ᠬᠤᠪᠢ | ᠣᠷᠣᠭᠤᠯᠤᠭᠰᠠᠨ ᠮᠥᠩᠭᠦ ᠶᠢ ᠳᠣᠭᠢᠷᠠᠭᠤᠯᠬᠤ ᠵᠡᠷᠭᠡ ᠠᠰᠠᠭᠤᠳᠠᠯ ᠤᠨ ᠲᠤᠬᠠᠶ ᠰᠣᠯᠢᠯᠴᠠᠨ ᠶᠠᠷᠢᠯᠴᠠᠵᠤ᠂ ᠭᠠᠴᠠᠭᠠᠨ ᠤ ᠬᠠᠮᠲᠤ ᠶᠢᠨ ᠠᠵᠤ ᠠᠬᠤᠶ ᠶᠢᠨ | ᠬᠥᠭᠵᠢᠯᠲᠡ ᠶᠢᠨ ᠰᠡᠳᠬᠢᠴᠡ ᠶᠢ ᠤᠯᠠᠮ ᠨᠢᠭᠡ ᠠᠯᠬᠤᠮ ᠦᠷᠭᠡᠳᠭᠡᠨ ᠶᠠᠷᠢᠯᠴᠠᠪᠠ᠃ | | | | ᠲᠤᠬᠠᠢ ᠶᠢᠨ ᠲᠠᠯᠠᠪᠠᠢ ᠶᠢᠨ ᠰᠤᠷᠤᠯᠴᠠᠯᠭ᠎ᠠ ᠳᠠᠭᠤᠰᠤᠭᠰᠠᠨ ᠤ ᠳᠠᠷᠠᠭ᠎ᠠ᠂ ᠰᠠᠭᠠᠳᠠᠭ ᠰᠣᠮᠣᠨ ᠤ ᠬᠠᠶᠢᠯᠠᠰᠤᠲᠠᠢ ᠭᠠᠴᠠᠭᠠᠨ ᠤ ᠨᠠᠮ ᠤᠨ ᠡᠭᠦᠷ ᠤᠨ | ᠬᠤᠷᠰᠢᠶᠠᠵᠢᠯ ᠢ ᠳᠠᠭᠠᠭᠤᠯᠤᠨ ᠡᠷᠬᠢᠯᠡᠬᠦ ᠠᠵᠢᠯ ᠤᠨ ᠶᠠᠷᠢᠯᠴᠠᠬᠤ ᠬᠤᠷᠠᠯ ᠢ ᠵᠣᠬᠢᠶᠠᠨ ᠪᠠᠶᠢᠭᠤᠯᠤᠨ ᠬᠤᠷᠠᠯᠳᠣᠵᠣ᠂ ᠤᠯᠠᠨ ᠢᠶᠠᠷ ᠢᠶᠠᠨ ᠲᠤᠰ ᠤᠳᠠᠭ᠎ᠠ ᠶᠢᠨ | ᠲᠣᠭᠤᠷᠢᠨ ᠦᠵᠡᠵᠦ ᠰᠤᠷᠤᠯᠴᠠᠬᠤ ᠲᠤᠬᠠᠢ ᠰᠠᠨᠠᠯ ᠢᠶᠠᠨ ᠰᠣᠯᠢᠯᠴᠠᠪᠠ᠃ ᠲᠡᠳᠡ ᠲᠤᠰ ᠤᠳᠠᠭ᠎ᠠ ᠶᠢᠨ ᠭᠠᠳᠠᠭᠰᠢ ᠭᠠᠷᠴᠤ ᠰᠤᠷᠤᠯᠴᠠᠬᠤ ᠪᠠᠷ ᠳᠠᠮᠵᠢᠨ᠂ ᠲᠤᠰ | ᠪᠡᠶ᠎ᠡ ᠶᠢᠨ ᠬᠦᠷᠦᠯᠴᠡᠬᠦ ᠦᠭᠡᠢ ᠲᠠᠯ᠎ᠠ ᠪᠠᠨ ᠣᠯᠵᠤ ᠬᠠᠷᠠᠭᠰᠠᠨ ᠪᠥᠭᠡᠳ ᠨᠠᠮ ᠤᠨ ᠡᠭᠦᠷ ᠠᠴᠠ ᠬᠤᠷᠰᠢᠶᠠᠵᠢᠯ ᠢ ᠳᠠᠭᠠᠭᠤᠯᠤᠨ ᠡᠷᠬᠢᠯᠡᠬᠦ ᠰᠢᠯᠢᠳᠡᠭ ᠲᠤᠷᠰᠢᠯᠭ᠎ᠠ ᠶᠢ | ᠰᠤᠷᠤᠯᠴᠠᠵᠤ᠂ ᠰᠡᠳᠬᠢᠴᠡ ᠪᠠᠨ ᠥᠷᠭᠡᠳᠬᠡᠪᠡ ᠭᠡᠵᠦ ᠢᠯᠡᠳᠬᠡᠵᠡᠭᠡᠪᠡ᠃ ᠬᠠᠶᠢᠯᠠᠰᠤᠲᠠᠶ ᠭᠠᠴᠠᠭᠠᠨ ᠤ ᠨᠠᠮ ᠤᠨ ᠡᠭᠦᠷ ᠤᠨ ᠬᠠᠷᠢᠭᠤᠴᠠᠯᠭᠠᠲᠠᠨ ᠠᠴᠠ | ᠬᠠᠶᠢᠯᠠᠰᠤᠲᠠᠶ ᠭᠠᠴᠠᠭᠠᠨ ᠤ ᠮᠠᠯᠴᠢᠳ ᠢ ᠦᠷᠭᠦᠯᠵᠢᠯᠡᠨ ᠵᠣᠬᠢᠶᠠᠨ ᠪᠠᠶᠢᠭᠤᠯᠵᠤ᠂ ᠭᠠᠴᠠᠭ᠎ᠠ ᠪᠠᠨ ᠬᠦᠴᠦᠷᠬᠡᠭᠵᠢᠭᠦᠯᠵᠦ ᠮᠠᠯᠴᠢᠳ ᠢ ᠪᠠᠶᠠᠵᠢᠭᠤᠯᠤᠨ᠂ ᠭᠠᠴᠠᠭᠠᠨ ᠤ | ᠬᠠᠮᠲᠤ ᠨᠡᠶᠢᠲᠡ ᠬᠢᠭᠡᠳ ᠮᠠᠯᠴᠢᠨ ᠲᠦᠮᠡᠨ ᠤ ᠠᠵᠤ ᠠᠬᠤᠶ ᠶᠢᠨ ᠠᠰᠢᠭ ᠲᠤᠰᠠ ᠶᠢᠨ ᠬᠠᠮᠲᠤ ᠶᠢᠨ ᠴᠣᠭᠴᠠ ᠶᠢ ᠪᠠᠶᠢᠭᠤᠯᠵᠤ᠂ ︽ᠨᠠᠮ ᠤᠨ ᠡᠭᠦᠷ ᠵᠢᠳᠬᠦᠯ | ᠴᠢᠷᠮᠠᠶᠢᠯᠭ᠎ᠠ ᠲᠠᠢ᠂ ᠨᠠᠮ ᠤᠨ ᠭᠡᠰᠢᠭᠦᠨ ᠦᠢᠯᠡᠳᠦᠯ ᠭᠠᠷᠭᠠᠬᠤ᠂ ᠬᠠᠮᠲᠤ ᠨᠡᠶᠢᠲᠡ ᠪᠠᠷ ᠣᠷᠣᠯᠭ᠎ᠠ ᠪᠠᠨ ᠨᠡᠮᠡᠭᠳᠡᠭᠦᠯᠬᠦ᠂ ᠣᠯᠠᠨ ᠲᠦᠮᠡᠨ ᠳᠤ ᠪᠣᠳᠠᠲᠤ ᠠᠰᠢᠭ | ᠬᠦᠷᠲᠡᠭᠡᠬᠦ︾ ᠶᠢ ᠪᠡᠶᠡᠯᠡᠬᠦᠯᠦᠨ᠎ᠡ ᠬᠡᠪᠡ᠃ | | | | | | | ᠲᠠᠷᠠᠭᠠᠴᠢ ᠶᠢᠨ ᠠᠯᠬᠤᠮ ᠳᠤ ᠰᠠᠭᠠᠳᠠᠭ ᠰᠣᠮᠣᠨ ᠤ ᠬᠠᠶᠢᠯᠠᠰᠣᠲᠠᠢ ᠭᠠᠴᠠᠭᠠᠨ ᠤ ᠨᠠᠮ ᠤᠨ ᠡᠭᠦᠷ ᠨᠢ ᠲᠣᠰ ᠤᠳᠠᠭᠠᠨ ᠤ ᠰᠤᠷᠤᠯᠴᠠᠯᠭ᠎ᠠ ᠠᠴᠠ ᠣᠯᠤᠭᠰᠠᠨ | ᠲᠤᠷᠰᠢᠯᠭ᠎ᠠ ᠪᠠᠨ ᠨᠠᠷᠢᠨ ᠬᠢᠨᠠᠮᠠᠭᠠᠶ ᠡᠮᠬᠢᠯᠡᠵᠦ᠂ ᠰᠤᠷᠤᠯᠴᠠᠵᠤ ᠣᠯᠤᠭᠰᠠᠨ ᠲᠡᠷᠢᠭᠦᠨ ᠤ ᠲᠤᠷᠰᠢᠯᠭ᠎ᠠ ᠶᠢ ᠭᠠᠴᠠᠭᠠᠨ ᠤ ᠪᠣᠳᠠᠲᠤ ᠪᠠᠶᠢᠳᠠᠯ ᠲᠠᠢ ᠪᠠᠨ | ᠤᠶᠠᠯᠳᠤᠭᠤᠯᠤᠨ᠂ ᠬᠥᠭᠵᠢᠯᠲᠡ ᠶᠢᠨ ᠰᠡᠳᠬᠢᠴᠡ ᠪᠠ ᠬᠠᠷᠠᠯᠲᠠ ᠪᠠᠨ ᠤᠯᠠᠮ ᠨᠢᠭᠡ ᠠᠯᠬᠤᠮ ᠲᠣᠳᠣᠷᠬᠠᠶᠢᠯᠠᠵᠤ᠂ ᠨᠠᠮ ᠤᠨ ᠡᠭᠦᠷ ᠤᠨ ᠬᠤᠷᠰᠢᠶᠠᠵᠢᠯ ᠢ | ᠳᠠᠭᠠᠭᠤᠯᠤᠨ ᠡᠷᠭᠢᠯᠡᠬᠦ ᠬᠥᠭᠵᠢᠯᠲᠡ ᠶᠢᠨ ᠵᠠᠭᠪᠤᠷ ᠢ ᠦᠨᠡᠨᠬᠦ ᠰᠠᠶᠢᠲᠤᠷ ᠬᠡᠷᠡᠭᠯᠡᠵᠦ᠂ ᠦᠨᠳᠦᠰᠦᠨ ᠱᠠᠲᠤᠨ ᠤ ᠵᠣᠬᠢᠶᠠᠨ ᠪᠠᠶᠢᠭᠤᠯᠤᠯᠲᠠ ᠶᠢᠨ ᠬᠦᠴᠦᠨ ᠢ | ᠴᠢᠩᠭᠠᠷᠠᠭᠤᠯᠵᠣ᠂ ᠬᠠᠮᠲᠤ ᠣᠯᠠᠨ ᠤ ︽ᠬᠤᠤᠰ ᠣᠷᠣᠯᠭ᠎ᠠ ᠶᠢᠨ ᠨᠡᠮᠡᠭᠳᠡᠯ︾ ᠢ ᠦᠷᠭᠦᠯᠵᠢᠯᠡᠨ ᠳᠠᠶᠢᠴᠢᠯᠠᠨ᠂ ᠬᠥᠳᠡᠭᠡ ᠲᠣᠰᠬᠤᠨ ᠢ ᠬᠥᠭᠵᠢᠭᠦᠯᠦᠨ ᠮᠠᠨᠳᠤᠭᠤᠯᠬᠤ | ᠪᠠᠶᠢᠯᠳᠤᠬᠤ ᠪᠣᠳᠣᠯᠭ᠎ᠠ ᠶᠢ ᠬᠡᠷᠡᠭᠵᠢᠭᠦᠯᠬᠦ ᠶᠢ ᠲᠦᠷᠭᠡᠳᠬᠡᠬᠦ ᠰᠢᠨ᠎ᠡ ᠵᠠᠮ ᠢᠶᠠᠷ ᠵᠠᠮᠨᠠᠬᠤ ᠪᠣᠯᠤᠨ᠎ᠠ᠃ | | | | |