ᠤᠷᠠᠳ ᠤᠨ ᠡᠮᠦᠨᠡᠲᠦ ᠬᠤᠰᠢᠭᠤᠨ ᠤ ᠡᠬᠡ ᠨᠢᠯᠬᠠᠰ ᠤᠨ ᠡᠷᠡᠭᠦᠯᠵᠢᠯ ᠤᠨ ᠬᠤᠷᠢᠶ᠎ᠠ ᠤᠳᠠᠯ ᠦᠭᠡᠢ ᠠᠰᠢᠭᠯᠠᠯᠲᠠ ᠳᠤ ᠣᠷᠣᠬᠤ ᠭᠡᠵᠦ ᠪᠠᠶᠢᠨ᠎ᠠ
ᠨᠡᠶᠢᠲᠡᠯᠡᠭᠰᠡᠨ ᠴᠠᠭ᠄
2022/5/23
     ᠣᠶᠢᠷ᠎ᠠ ᠳᠤ ᠰᠤᠷᠪᠤᠯᠵᠢᠯᠠᠭᠴᠢ ᠤᠷᠠᠳ ᠤᠨ ᠡᠮᠦᠨᠡᠲᠦ ᠬᠤᠰᠢᠭᠤᠨ ᠤ ᠡᠬᠡ ᠨᠢᠯᠬᠠᠰ ᠤᠨ ᠡᠷᠡᠭᠦᠯᠵᠢᠯ ᠲᠥᠯᠥᠪᠯᠡᠭᠡᠲᠦ ᠦᠷᠡᠵᠢᠯ ᠤᠨ ᠦᠢᠯᠡᠴᠢᠯᠡᠬᠡᠨ ᠤ ᠲᠥᠪ ᠠᠴᠠ ᠣᠶᠢᠯᠠᠭᠠᠭᠰᠠᠨ ᠢᠶᠠᠷ᠂ ᠣᠳᠣᠬᠠᠨ ᠳᠤ ᠲᠣᠰ ᠬᠤᠰᠢᠭᠤᠨ ᠤ ᠡᠬᠡ ᠨᠢᠯᠬᠠᠰ ᠤᠨ ᠡᠷᠡᠭᠦᠯᠵᠢᠯ ᠤᠨ ᠬᠤᠷᠢᠶ᠎ᠠ ᠶᠠᠭ ᠰᠢᠨ᠎ᠡ ᠪᠠᠶᠢᠷᠢᠢᠰᠢᠯ ᠤᠨ ᠪᠥᠲᠥᠭᠡᠨ ᠪᠠᠶᠢᠭᠤᠯᠤᠯᠲᠠ ᠪᠠᠨ ᠬᠢᠵᠦ ᠪᠠᠶᠢᠨ᠎ᠠ᠃ ᠰᠢᠨ᠎ᠡ ᠡᠮᠨᠡᠯᠭᠡ ᠶᠢᠨ ᠬᠤᠷᠢᠶ᠎ᠠ ᠨᠢ ᠮᠤᠨᠠ ᠠᠭᠤᠯᠠ ᠪᠠᠯᠭᠠᠰᠤᠨ ᠤ ᠳ᠋ᠦᠩ ᠰᠢᠩ ᠶᠡᠭᠡ ᠵᠡᠭᠡᠯᠢ ᠠᠴᠠ ᠡᠮᠦᠨᠡᠰᠢ᠂ ᠪᠢᠨ ᠾᠧ ᠵᠠᠮ ᠠᠴᠠ ᠪᠠᠷᠠᠭᠤᠨᠰᠢ ᠪᠠᠶᠢᠷᠢᠯᠠᠵᠤ᠂ ᠶᠡᠷᠦᠩᠬᠡᠶ ᠪᠠᠯᠠ ᠣᠷᠣᠭᠤᠯᠤᠯᠲᠠ ᠨᠢ 9980 ᠲᠦᠮᠡᠨ ᠲᠥᠭᠦᠷᠢᠭ ᠪᠠᠶᠢᠵᠤ᠂ ᠡᠵᠡᠯᠡᠬᠦ ᠲᠠᠯᠠᠪᠠᠶ ᠨᠢ 27422 . 68 ᠲᠡᠭᠰᠢ ᠳᠥᠷᠪᠡᠯᠵᠢᠨ ᠮᠧᠲᠷ᠂ ᠪᠠᠷᠢᠯᠭ᠎ᠠ ᠶᠢᠨ ᠡᠵᠡᠯᠡᠬᠦ ᠲᠠᠯᠠᠪᠠᠢ ᠨᠢ 17901 . 95 ᠲᠡᠭᠰᠢ ᠳᠥᠷᠪᠡᠯᠵᠢᠨ ᠮᠧᠲᠷ ᠪᠠᠶᠢᠵᠤ᠂ ᠪᠥᠲᠥᠭᠡᠨ ᠪᠠᠶᠢᠭᠤᠯᠤᠯᠲᠠ ᠶᠢᠨ ᠠᠭᠤᠯᠭ᠎ᠠ ᠳᠤ ᠭᠤᠤᠯᠳᠠᠭᠤ ᠡᠬᠡ ᠨᠢᠯᠬᠠᠰ ᠤᠨ ᠡᠷᠡᠭᠦᠯᠵᠢᠯ ᠤᠨ ᠬᠤᠷᠢᠶᠠᠨ ᠤ ᠭᠤᠤᠯ ᠠᠰᠠᠷ ︵3 ᠳᠠᠪᠬᠤᠷᠭ᠎ᠠ ᠡᠭᠦᠳᠡᠨ ᠡᠮᠨᠡᠯᠭᠡ ᠶᠢᠨ ᠠᠰᠠᠷ᠂ 2 ᠳᠠᠪᠬᠤᠷᠭ᠎ᠠ ᠡᠮᠴᠢᠯᠡᠭᠡᠨ ᠤ ᠮᠡᠷᠭᠡᠵᠢᠯ ᠤᠨ ᠠᠰᠠᠷ᠂ 5  ᠳᠠᠪᠬᠤᠷᠭ᠎ᠠ ᠡᠮᠨᠡᠯᠭᠡ ᠳᠤ ᠰᠠᠭᠤᠬᠤ ᠠᠰᠠᠷ︶᠂ ᠳᠠᠭᠠᠯᠲᠠ ᠬᠡᠷ ᠪᠠᠶᠢᠰᠢᠩ᠂ ᠡᠮᠴᠢᠯᠡᠭᠡᠨ ᠤ ᠣᠨᠣᠰᠢᠯᠠᠨ ᠡᠮᠨᠡᠬᠦ ᠮᠡᠷᠭᠡᠵᠢᠯ ᠳᠤ ᠬᠡᠷᠡᠭᠯᠡᠬᠦ ᠬᠡᠷ ᠪᠠᠶᠢᠰᠢᠩ᠂ ᠭᠠᠯ ᠤᠨᠲᠠᠷᠠᠭᠠᠬᠤ ᠤᠰᠤᠨ ᠲᠠᠲᠠᠭᠠᠯ᠂ ᠬᠥᠭᠡᠷᠭᠡ ᠶᠢᠨ ᠬᠡᠷ᠂ ᠡᠭᠦᠳᠡᠨ ᠬᠠᠷᠠᠭᠤᠯ ᠵᠡᠷᠭᠡ ᠪᠠᠭᠲᠠᠨ᠎ᠠ᠃ 2019 ᠣᠨ ᠤ 11 ᠰᠠᠷ᠎ᠠ ᠳᠤ᠂ ᠳᠠᠭᠠᠭᠠᠴᠢᠯᠠᠯᠲᠠ ᠵᠠᠷᠯᠠᠬᠤ ᠳᠠᠭᠠᠭᠠᠴᠢᠯᠠᠯᠲᠠ ᠬᠦᠯᠢᠶᠡᠬᠦ ᠭᠠᠷᠳᠠᠮ ᠢ ᠪᠡᠶᠡᠯᠡᠭᠦᠯᠵᠦ᠂ ᠰᠢᠨ᠎ᠡ ᠲᠢᠲᠢᠮᠯᠢᠭ ᠠᠭᠤᠰᠬᠢᠨ ᠦᠷᠪᠢᠰᠦᠯ ᠤᠨ ᠬᠢᠵᠢᠭ ᠤᠨ ᠨᠥᠯᠥᠭᠡ ᠠᠴᠠ ᠪᠣᠯᠵᠣ᠂ 2020 ᠣᠨ ᠤ 5 ᠰᠠᠷ᠎ᠠ ᠳᠤ᠂ ᠲᠥᠷᠥᠯ ᠵᠦᠢᠯ ᠨᠢ ᠵᠢᠩᠬᠢᠨᠢ ᠪᠠᠷ ᠡᠬᠢᠯᠡᠨ ᠪᠥᠲᠥᠭᠡᠨ ᠪᠠᠶᠢᠭᠤᠯᠪᠠ᠃

妇幼保健院1.png

     2022 ᠣᠨ ᠤ 4 ᠰᠠᠷ᠎ᠠ ᠪᠣᠯᠲᠠᠯ᠎ᠠ᠂ ᠡᠬᠡ ᠨᠢᠯᠬᠠᠰ ᠤᠨ ᠡᠷᠡᠭᠦᠯᠵᠢᠯ ᠤᠨ ᠬᠤᠷᠢᠶ᠎ᠠ ᠶᠢᠨ ᠭᠤᠤᠯ ᠠᠰᠠᠷ ᠢ  ᠵᠠᠰᠠᠵᠤ ᠴᠢᠮᠡᠭᠯᠡᠬᠦ ᠢᠨᠵᠧᠨᠧᠷᠢᠩ ᠢ ᠪᠦᠬᠦᠨ ᠢ

ᠳᠠᠭᠤᠰᠬᠠᠵᠤ᠂ ᠬᠡᠰᠡᠭ ᠢᠵᠢ ᠪᠦᠷᠢᠳᠦᠭᠦᠯᠬᠦ ᠲᠥᠬᠦᠭᠡᠷᠦᠮᠵᠢ ᠶᠢ ᠨᠢᠭᠡᠨᠲᠡ ᠠᠰᠢᠭᠯᠠᠯᠲᠠ ᠳᠤ ᠣᠷᠣᠭᠤᠯᠪᠠ︔ ᠮᠡᠰᠡ ᠵᠠᠰᠠᠯ ᠤᠨ ᠲᠠᠰᠤᠭ᠂ ᠬᠤᠳᠣᠭᠤᠳᠣᠨ

ᠳᠤᠷᠠᠨ ᠤ ᠲᠠᠰᠤᠭ᠂ ᠬᠥᠩᠭᠡᠵᠢᠬᠦ ᠲᠠᠰᠤᠭ ᠵᠡᠷᠭᠡ ᠶᠢ ᠬᠤᠶᠠᠳᠠᠬᠢ ᠤᠳᠠᠭ᠎ᠠ ᠲᠤᠰᠬᠠᠶᠢᠵᠢᠭᠤᠯᠤᠨ ᠵᠠᠰᠠᠪᠠ︔ ᠳᠠᠭᠠᠯᠲᠠ ᠭᠡᠷ ᠪᠠᠶᠢᠰᠢᠩ ᠤᠨ ᠭᠤᠤᠯ ᠴᠣᠭᠴᠠ ᠶᠢᠨ

ᠪᠣᠷᠣ ᠲᠥᠯᠥᠪ ᠤᠨ ᠢᠨᠵᠧᠨᠧᠷᠢᠩ  ᠢ ᠨᠢᠭᠡᠨᠲᠡ ᠳᠠᠭᠤᠰᠪᠠ︔ ᠡᠮᠴᠢᠯᠡᠭᠡᠨ ᠤ ᠣᠨᠣᠰᠢᠯᠠᠨ ᠡᠮᠨᠡᠬᠦ ᠮᠡᠷᠭᠡᠵᠢᠯ ᠳᠤ ᠭᠡᠷ ᠪᠠᠶᠢᠰᠢᠩ ᠬᠡᠷᠡᠭᠯᠡᠵᠦ ᠰᠠᠭᠤᠷᠢ ᠲᠠᠯᠪᠢᠬᠤ

ᠢᠨᠵᠧᠨᠧᠷᠢᠩ  ᠪᠠ ᠬᠦᠷᠢᠶᠡᠯᠡᠩ ᠲᠣᠭᠤᠷᠢᠭ ᠤᠨ ᠪᠦᠬᠦᠯᠢ ᠴᠣᠭᠴᠠ ᠶᠢᠨ ᠬᠠᠲᠠᠭᠤᠷᠠᠯ ᠢ ᠨᠢᠭᠡᠨᠲᠡ ᠪᠡᠶᠡᠯᠡᠭᠦᠯᠪᠡ᠃

    ᠲᠥᠷᠥᠯ ᠵᠦᠢᠯ ᠳᠠᠭᠤᠰᠤᠭᠰᠠᠨ ᠤ ᠳᠠᠷᠠᠭ᠎ᠠ᠂ ᠣᠲᠣ ᠶᠢᠨ ᠡᠮᠴᠢᠯᠡᠭᠡᠨ ᠳᠤ ᠬᠡᠷᠡᠭᠯᠡᠬᠦ ᠬᠡᠷ ᠪᠠᠶᠢᠰᠢᠩ ᠬᠦᠨᠳᠦ ᠨᠣᠴᠢᠲᠠᠶ ᠳᠤᠲᠠᠭᠳᠠᠵᠤ ᠪᠠᠶᠢᠬᠤ᠂ ᠡᠪᠡᠳᠴᠢᠨ

ᠦᠵᠡᠭᠦᠯᠬᠦ ᠣᠷᠴᠢᠨ ᠲᠣᠭᠤᠷᠢᠨ ᠠᠨᠠᠢ ᠪᠠᠶᠢᠬᠤ᠂ ᠪᠦᠬᠦᠯᠢ ᠴᠣᠭᠴᠠ ᠶᠢᠨ ᠪᠠᠶᠢᠷᠢᠰᠢᠯ ᠨᠢ ᠰᠢᠨᠵᠢᠯᠡᠬᠦ ᠤᠬᠠᠭᠠᠨᠴᠢ ᠪᠤᠰᠤ ᠪᠠᠶᠢᠬᠤ᠂ ᠴᠢᠳᠠᠮᠵᠢ ᠶᠢᠨ ᠲᠠᠷᠬᠠᠯᠲᠠ ᠨᠢ

ᠵᠦᠶ ᠵᠣᠬᠢᠰ ᠥᠬᠡᠶ ᠪᠠᠶᠢᠬᠤ ᠵᠡᠷᠭᠡ ᠪᠠᠶᠢᠳᠠᠯ ᠢ ᠰᠠᠶᠢᠵᠢᠷᠠᠭᠤᠯᠵᠤ᠂ ᠡᠮᠨᠡᠨ ᠵᠠᠰᠠᠬᠤ ᠠᠵᠢᠯ ᠢ ᠬᠡᠪ ᠤᠨ ᠪᠠᠶᠢᠳᠠᠯ ᠢᠶᠠᠷ ᠥᠷᠨᠢᠭᠦᠯᠬᠦ ᠪᠠ ᠡᠪᠡᠳᠴᠢᠲᠡᠨ ᠤ ᠡᠪᠡᠳᠴᠢᠨ

ᠦᠵᠡᠭᠦᠯᠬᠦ ᠣᠷᠴᠢᠨ ᠲᠣᠭᠤᠷᠢᠨ ᠢ ᠪᠦᠲᠦᠮᠵᠢᠲᠡᠶ ᠰᠠᠶᠢᠵᠢᠷᠠᠭᠤᠯᠬᠤ ᠶᠢ ᠦᠨᠡᠨ ᠬᠦ ᠪᠠᠲᠤᠯᠠᠵᠤ ᠴᠢᠳᠠᠬᠤ ᠪᠤᠯᠤᠨ᠎ᠠ᠃

妇幼保健院2.png

 

ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ