ᠰᠢᠷ᠎ᠠ ᠬᠠᠪᠳᠠᠰᠤ ᠶᠢ ᠠᠰᠢᠭᠯᠠᠨ ᠬᠦᠨᠦᠬᠡᠯᠳᠦ ᠰᠢᠪᠡᠵᠢ ᠶᠢ ᠦᠳᠦᠬᠡᠨ ᠠᠯᠠᠬᠤ ᠠᠷᠭ᠎ᠠ
ᠨᠡᠶᠢᠲᠡᠯᠡᠭᠰᠡᠨ ᠴᠠᠭ᠄
2022/5/19
    ᠤᠨᠴᠠᠭᠠᠢ ᠬᠡᠷᠡᠯ ᠤᠨ ᠰᠢᠷ᠎ᠠ ᠦᠩᠭᠡ ᠲᠠᠢ ᠴᠠᠪᠠᠤᠯᠢᠭ ᠡᠳ᠋ ︵ᠰᠢᠷ᠎ᠠ ᠲᠤᠰᠤ ᠵᠡᠷᠭᠡ ᠲᠤᠰᠬᠠᠢ ᠬᠡᠷᠡᠭᠯᠡᠬᠦ ᠴᠠᠪᠠᠤᠯᠢᠭ ᠡᠳ᠋︶ ᠪᠠᠷ ᠦᠢᠯᠡᠳᠦᠭᠰᠡᠨ ᠬᠦᠨᠦᠬᠡᠯᠳᠦ ᠰᠢᠪᠡᠵᠢ ᠶᠢ ᠦᠳᠦᠬᠡᠨ ᠪᠠᠷᠢᠬᠤ ᠰᠢᠷ᠎ᠠ ᠨᠢᠯᠳᠠᠭ ᠪᠠᠭᠠᠵᠢ ︵ᠲᠦᠬᠦᠮᠴᠢᠯᠡᠭᠡᠳ ᠰᠢᠷ᠎ᠠ ᠬᠠᠪᠳᠠᠰᠤ ᠬᠡᠳᠡᠭ︶ ᠨᠢ ᠫᠢᠽᠢᠺ ᠤᠨ ᠠᠷᠭ᠎ᠠ ᠪᠠᠷ ᠬᠦᠨᠦᠬᠡᠯᠳᠦ ᠰᠢᠪᠡᠵᠢ ᠶᠢ ᠦᠳᠦᠬᠡᠵᠦ ᠠᠯᠠᠳᠠᠭ᠃    ᠬᠦᠯᠡᠮᠵᠢ ᠲᠤᠳᠤᠷ᠎ᠠ ᠬᠦᠨᠦᠬᠡᠯᠳᠦ ᠰᠢᠪᠡᠵᠢ ᠶᠢ ᠡᠯᠬᠦᠪᠡᠯ ᠪᠠᠭᠠᠷᠠᠩ ᠬᠤᠷᠤᠬᠠᠢ᠂ ᠠᠮᠧᠷᠢᠺᠠ ᠲᠢᠪ ᠤᠨ ᠲᠤᠯᠪᠤᠳᠤ ᠨᠢᠭᠤᠭᠳᠠᠮᠠᠯ ᠢᠯᠠᠭ᠎ᠠ᠂ ᠴᠠᠭᠠᠨ ᠲᠡᠯᠡᠭᠴᠢ ᠵᠡᠷᠭᠡ ᠬᠦᠨᠦᠬᠡᠯᠳᠦ ᠰᠢᠪᠡᠵᠢ ᠶᠢᠨ ᠲᠦᠷᠰᠦ ᠶᠢᠨ ᠡᠬᠦᠰᠬᠦ ᠪᠠᠶᠢᠳᠠᠯ ᠢ ᠬᠢᠨᠠᠨ ᠬᠡᠮᠵᠢᠵᠦ᠂ ᠢᠳᠡᠰᠢᠨ ᠨᠤᠭᠤᠭ᠎ᠠ ᠶᠢᠨ ᠪᠠᠭᠠᠷᠠᠩ ᠬᠤᠷᠤᠬᠠᠢ᠂ ᠲᠤᠯᠪᠤᠳᠤ ᠨᠢᠭᠤᠭᠳᠠᠮᠠᠯ ᠢᠯᠠᠭ᠎ᠠ᠂ ᠴᠠᠭᠠᠨ ᠲᠡᠯᠡᠭᠴᠢ ᠵᠡᠷᠭᠡ ᠬᠦᠨᠦᠬᠡᠯᠳᠦ ᠰᠢᠪᠡᠵᠢ ᠶᠢ ᠪᠦᠳᠦᠮᠵᠢᠳᠡᠢ ᠰᠡᠷᠬᠡᠶᠢᠯᠡᠨ ᠵᠠᠰᠠᠵᠤ ᠴᠢᠳᠠᠬᠤ ᠮᠦᠷᠳᠡᠬᠡᠨ ᠴᠠᠭᠠᠨ ᠲᠡᠯᠡᠭᠴᠢ ᠵᠡᠷᠭᠡ ᠬᠦᠨᠦᠬᠡᠯᠳᠦ ᠰᠢᠪᠡᠵᠢ ᠶᠢᠨ ᠸᠢᠷᠦ᠋ᠰᠳᠦ ᠡᠪᠡᠳᠴᠢᠨ ᠲᠠᠷᠭᠠᠬᠠᠬᠤ ᠶᠢ ᠰᠡᠷᠬᠡᠶᠢᠯᠡᠵᠦ ᠴᠢᠳᠠᠨ᠎ᠠ᠃ ᠪᠠᠭᠠᠷᠠᠩ ᠬᠤᠷᠤᠬᠠᠢ ᠶᠢ ᠠᠯᠠᠬᠤ ᠳᠤ 32 —40cm ᠦᠨᠳᠦᠷ ᠲᠤ ᠲᠤᠬᠢᠷᠠᠭᠤᠯᠵᠤ᠂ ᠰᠢᠷ᠎ᠠ ᠰᠤᠳᠠᠯᠳᠤ ᠦᠰᠦᠷᠦᠭᠴᠢ ᠴᠤᠬᠤ ᠪᠠ ᠲᠤᠯᠪᠤᠳᠤ ᠨᠢᠭᠤᠭᠳᠠᠮᠠᠯ ᠢᠯᠠᠭ᠎ᠠ ᠶᠢ ᠠᠯᠠᠬᠤ ᠳᠤ 4 —20cm ᠦᠨᠳᠦᠷ ᠲᠤ ᠲᠤᠬᠢᠷᠠᠭᠤᠯᠤᠨ᠎ᠠ ᠃ ᠢᠳᠡᠰᠢᠨ ᠨᠤᠭᠤᠭ᠎ᠠ ᠶᠢᠨ ᠲᠠᠷᠢᠶᠠᠨ ᠳᠠᠬᠢ ᠲᠠᠷᠤᠯᠭ᠎ᠠ ᠶᠢ ᠬᠠᠮᠠᠭᠠᠯᠠᠵᠤ᠂ ᠰᠢᠷ᠎ᠠ ᠬᠠᠪᠳᠠᠰᠤᠨ ᠤ ᠮᠦᠯᠵᠢᠭᠳᠡᠭᠴᠢ ᠵᠦᠬᠡᠢ ᠳᠠᠬᠢ ᠨᠦᠯᠦᠬᠡ ᠶᠢ ᠪᠠᠭᠠᠰᠬᠠᠬᠤ ᠶᠢᠨ ᠲᠦᠯᠦᠬᠡ᠂ ᠰᠢᠷ᠎ᠠ ᠬᠠᠪᠳᠠᠰᠤ ᠶᠢ12 —28cm ᠦᠨᠳᠦᠷ ᠲᠤ ᠲᠤᠬᠢᠷᠠᠭᠤᠯᠪᠠᠯ ᠬᠠᠮᠤᠭ ᠰᠠᠶᠢᠨ ᠪᠠᠶᠢᠳᠠᠭ᠃    ᠡᠯᠬᠦᠬᠦ ᠠᠷᠭ᠎ᠠ ᠄    1. ᠰᠦᠯᠢᠶᠤᠤ ᠲᠡᠭᠡᠰᠦ ᠪᠤᠶᠤ ᠲᠡᠮᠦᠷ ᠤᠳᠠᠰᠤᠨ ᠤ ᠨᠢᠬᠡ ᠦᠵᠦᠬᠦᠷ ᠢ ᠲᠤᠯᠠᠭᠠᠨ ᠬᠦᠯᠡᠮᠵᠢ ᠶᠢᠨ ᠤᠷᠤᠢ ᠳᠤ ᠲᠤᠭᠳᠠᠭᠠᠵᠤ᠂ ᠨᠦᠬᠦᠬᠡ ᠦᠵᠦᠬᠦᠷ ᠢ ᠨᠢ ᠰᠢᠪᠡᠵᠢ ᠪᠠᠷᠢᠬᠤ ᠬᠠᠪᠳᠠᠰᠤᠨ ᠤ ᠤᠷᠢᠳᠴᠢᠯᠡᠨ ᠦᠯᠡᠳᠡᠬᠡᠭᠰᠡᠨ ᠨᠦᠬᠡᠨ ᠠᠴᠠ ᠤᠶᠠᠨ᠎ᠠ᠃    2. ᠬᠤᠯᠤᠰᠤᠨ ᠡᠰᠢ ᠪᠤᠶᠤ ᠰᠢᠳᠠᠮ ᠢᠶᠠᠨ ᠭᠠᠵᠠᠷ ᠲᠤ ᠬᠠᠳᠬᠤᠨ ᠤᠷᠤᠭᠤᠯᠵᠤ᠂ ᠰᠢᠪᠡᠵᠢ ᠪᠠᠷᠢᠬᠤ ᠬᠠᠪᠳᠠᠰᠤ ᠪᠠᠨ ᠬᠤᠯᠤᠰᠤᠨ ᠡᠰᠢ ᠪᠤᠶᠤ ᠰᠢᠳᠡᠮ ᠲᠡᠭᠡᠷ᠎ᠡ ᠲᠤᠭᠳᠠᠭᠠᠨ᠎ᠠ᠃ ᠰᠢᠷ᠎ᠠ ᠬᠠᠪᠳᠠᠰᠤ ᠪᠠᠷ ᠲᠠᠯᠠᠪᠴᠢᠳᠤ ᠪᠠᠭᠠᠷᠠᠩ ᠢ ᠦᠳᠦᠬᠡᠨ ᠠᠯᠠᠬᠤ ᠳᠤ 667 ᠲᠡᠭᠰᠢ ᠲᠦᠷᠪᠡᠯᠵᠢᠨ ᠮᠧᠲᠷ ᠪᠦᠷᠢ ᠳᠤ 30 ᠬᠡᠰᠡᠭ ᠪᠠᠶᠢᠪᠠᠯ ᠦᠳᠦᠬᠡᠨ ᠠᠯᠠᠬᠤ ᠦᠷ᠎ᠡ ᠳ᠋ᠦᠩ ᠨᠢ ᠬᠠᠮᠤᠭ ᠬᠠᠨᠤᠮᠵᠢᠳᠠᠢ᠃
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ