ᠴᠢᠩ ᠤᠯᠤᠰ ᠤᠨ ᠦᠶ᠎ᠡ ᠶᠢᠨ ᠬᠤᠰᠢᠭᠤ ᠴᠢᠭᠤᠯᠭᠠᠨ ᠤ ᠪᠠᠶᠢᠭᠤᠯᠤᠮᠵᠢ
ᠨᠡᠶᠢᠲᠡᠯᠡᠭᠰᠡᠨ ᠴᠠᠭ᠄
2022/5/17
      ᠴᠢᠩ ᠤᠯᠤᠰ ᠤᠨ ᠨᠤᠶᠠᠷᠬᠠᠭᠴᠢᠳ ᠵᠠᠰᠠᠭ ᠵᠠᠬᠢᠷᠭᠠᠨ ᠤ ᠪᠠᠶᠢᠭᠤᠯᠤᠮᠵᠢ ᠶᠢᠨ ᠲᠠᠯ᠎ᠠ ᠪᠠᠷ ᠮᠤᠩᠭᠤᠯ ᠤᠨ ᠡᠯ᠎ᠡ ᠠᠶᠢᠮᠠᠭ ᠢ ᠭᠠᠳᠠᠭᠠᠳᠦ ᠮᠤᠩᠭᠤᠯ ᠬᠢᠭᠡᠳ ᠳᠤᠲᠤᠭᠠᠳᠦ ᠮᠤᠩᠭᠤᠯ ᠭᠡᠵᠦ ᠬᠤᠪᠢᠶᠠᠪᠠ᠃ ᠭᠠᠳᠠᠭᠠᠳᠦ ᠮᠤᠩᠭᠤᠯ ᠨᠢ ᠬᠤᠰᠢᠭᠤ ᠴᠢᠭᠤᠯᠭᠠᠨ ᠤ ᠪᠠᠶᠢᠭᠤᠯᠤᠯ ᠬᠡᠷᠡᠭᠵᠢᠭᠦᠯᠵᠦ᠂ ᠳᠤᠲᠤᠭᠠᠳᠦ ᠮᠤᠩᠭᠤᠯ ᠨᠢ ᠬᠠᠷᠢᠨ ᠮᠠᠨᠵᠤ ᠶᠢᠨ ᠨᠠᠶᠢᠮᠠᠨ ᠬᠤᠰᠢᠭᠤᠨ ᠤ ᠪᠠᠶᠢᠭᠤᠯᠤᠯ ᠢ ᠬᠡᠷᠡᠭᠵᠢᠭᠦᠯᠪᠡ᠃ ᠦᠪᠦᠷ ᠮᠤᠩᠭᠤᠯ᠂ ᠠᠷᠤ ᠮᠤᠩᠭᠤᠯ᠂  ᠣᠶᠢᠷᠠᠳ ᠮᠤᠩᠭᠤᠯ ᠢ ᠭᠠᠳᠠᠭᠠᠳᠦ ᠮᠤᠩᠭᠤᠯ ᠭᠡᠳᠡᠭ ᠃ ᠴᠠᠬᠠᠷ ᠤᠨ ᠨᠠᠶᠢᠮᠠᠨ ᠬᠤᠰᠢᠭᠤ᠂ ᠴᠠᠬᠠᠷ ᠤᠨ ᠳᠦᠷᠪᠡᠨ ᠰᠦᠷᠦᠭ᠂ ᠪᠠᠷᠭᠤ᠂ ᠬᠦᠬᠡᠬᠤᠲᠠ ᠶᠢᠨ ᠲᠦᠮᠡᠳ ᠵᠡᠷᠭᠡ ᠶᠢ ᠳᠤᠲᠤᠭᠠᠳᠦ ᠮᠤᠩᠭᠤᠯ ᠭᠡᠳᠡᠭ᠃               ᠭᠠᠳᠠᠭᠠᠳᠦ ᠵᠠᠰᠠᠭ ᠮᠤᠩᠭᠤᠯ ᠢᠶᠠᠨ ᠪᠠᠰᠠ ᠲᠤᠳᠤᠭᠠᠳᠦ ᠵᠠᠰᠠᠭ ᠮᠤᠩᠭᠤᠯ ᠬᠢᠭᠡᠳ ᠭᠠᠳᠠᠭᠠᠳᠦ ᠵᠠᠰᠠᠭ ᠮᠤᠩᠭᠤᠯ ᠭᠡᠵᠦ ᠬᠤᠶᠠᠷ ᠬᠤᠪᠢᠶᠠᠪᠠ᠃               ᠦᠪᠦᠷ ᠮᠤᠩᠭᠤᠯ ᠤᠨ 24 ᠠᠶᠢᠮᠠᠭ 49 ᠬᠤᠰᠢᠭᠤ ᠶᠢ ᠳᠤᠲᠤᠭᠠᠳᠦ ᠵᠠᠰᠠᠭ ᠮᠤᠩᠭᠤᠯ ᠳᠤ ᠬᠤᠪᠢᠶᠠᠨ ᠤᠷᠤᠭᠤᠯᠪᠠ᠃               ᠠᠷᠤ ᠮᠤᠩᠭᠤᠯ ᠬᠢᠭᠡᠳ ᠤᠶᠢᠷᠠᠳ ᠮᠤᠩᠭᠤᠯ ᠵᠢᠴᠢ ᠦᠪᠦᠷ ᠮᠤᠩᠭᠤᠯ ᠤᠨ ᠠᠯᠠᠱᠠ ᠡᠵᠡᠨ᠎ᠡ ᠬᠤᠶᠠᠷ ᠬᠤᠰᠢᠭᠤ ᠶᠢ ᠭᠠᠳᠠᠭᠠᠳᠦ ᠵᠠᠰᠠᠭ ᠮᠤᠩᠭᠤᠯ ᠭᠡᠳᠡᠭ᠃ ᠡᠭᠦᠨ ᠳᠤ᠂ ᠠᠷᠤ ᠮᠤᠩᠭᠤᠯ ᠢ ᠳᠦᠷᠪᠡᠨ ᠠᠶᠢᠮᠠᠭ 86  ᠬᠤᠰᠢᠭᠤ᠂ ᠪᠠᠷᠠᠭᠤᠨ ᠬᠤᠶᠢᠲᠦ ᠶᠢᠨ ᠮᠤᠩᠭᠤᠯ ᠤᠨ ᠡᠯ᠎ᠡ ᠠᠶᠢᠮᠠᠭ 34 ᠬᠤᠰᠢᠭᠤ᠂ ᠬᠦᠬᠡᠨᠠᠭᠤᠷ ᠢ 29 ᠬᠤᠰᠢᠭᠤ ᠬᠤᠪᠢᠶᠠᠨ᠂ ᠦᠪᠦᠷ ᠮᠤᠩᠭᠤᠯ ᠤᠨ 49 ᠬᠤᠰᠢᠭᠤ ᠲᠠᠢ ᠨᠡᠶᠢᠯᠡᠭᠡᠳ ᠪᠦᠬᠦ ᠮᠤᠩᠭᠤᠯ ᠨᠡᠶᠢᠲᠡ 200  ᠬᠤᠰᠢᠭᠤ ᠲᠠᠢ ᠪᠠᠶᠢᠪᠠ᠃              ᠵᠢᠷᠢᠮ ᠤᠨ ᠴᠢᠭᠤᠯᠭᠠᠨ᠄ ᠬᠤᠷᠴᠢᠨ ᠵᠢᠷᠭᠤᠭᠠᠨ ᠬᠤᠰᠢᠭᠤ᠂ ᠳᠦᠷᠪᠡᠳ ᠬᠤᠰᠢᠭᠤ᠂ ᠵᠠᠯᠠᠶᠢᠳ ᠬᠤᠰᠢᠭᠤ ᠂ ᠭᠤᠷᠯᠤᠰ ᠬᠤᠶᠠᠷ ᠬᠤᠰᠢᠭᠤ᠃ ᠵᠤᠰᠤᠲᠤ ᠶᠢᠨ ᠴᠢᠭᠤᠯᠭᠠᠨ᠄ ᠬᠠᠷᠠᠴᠢᠨ ᠭᠤᠷᠪᠠᠨ ᠬᠤᠰᠢᠭᠤ᠂ ᠲᠦᠮᠡᠳ ᠬᠤᠶᠠᠷ ᠬᠤᠰᠢᠭᠤ᠃              ᠵᠣᠤ ᠤᠳᠠ ᠶᠢᠨ ᠴᠢᠭᠤᠯᠭᠠᠨ᠄ ᠠᠤᠬᠠᠨ ᠬᠤᠰᠢᠭᠤ᠂ ᠪᠠᠭᠠᠷᠢᠨ ᠬᠤᠶᠠᠷ ᠬᠤᠰᠢᠭᠤ᠂ ᠠᠷᠤ ᠬᠤᠷᠴᠢᠨ  ᠬᠤᠰᠢᠭᠤ᠂ ᠤᠩᠨᠢᠭᠤᠳ ᠬᠤᠶᠠᠷ ᠬᠤᠰᠢᠭᠤ᠂ ᠨᠠᠶᠢᠮᠠᠨ ᠬᠤᠰᠢᠭᠤ᠂ ᠵᠠᠷᠤᠳ ᠬᠤᠶᠠᠷ ᠬᠤᠰᠢᠭᠤ᠂ ᠬᠠᠯᠬ᠎ᠠ ᠵᠡᠭᠦᠨ  ᠭᠠᠷᠤᠨ ᠬᠤᠰᠢᠭᠤ᠃               ᠰᠢᠯᠢ ᠶᠢᠨ ᠭᠤᠤᠯ ᠤᠨ ᠴᠢᠭᠤᠯᠭᠠᠨ᠄ ᠦᠵᠦᠮᠦᠴᠢᠨ ᠬᠤᠶᠠᠷ ᠬᠤᠰᠢᠭᠤ᠂ ᠬᠠᠭᠤᠴᠢᠳ ᠬᠤᠶᠠᠷ ᠬᠤᠰᠢᠭᠤ᠂ ᠰᠦᠨᠢᠳ ᠬᠤᠶᠠᠷ ᠬᠤᠰᠢᠭᠤ᠂ ᠠᠪᠠᠭ᠎ᠠ ᠬᠤᠶᠠᠷ ᠬᠤᠰᠢᠭᠤ᠂ ᠠᠪᠠᠭᠠᠨᠠᠷ ᠬᠤᠶᠠᠷ ᠬᠤᠰᠢᠭᠤ᠃               ᠤᠯᠠᠭᠠᠨᠴᠠᠪ ᠤᠨ ᠴᠢᠭᠤᠯᠭᠠᠨ᠄ ᠳᠦᠷᠪᠡᠨ ᠬᠡᠤᠬᠡᠳ ᠤᠨ ᠬᠤᠰᠢᠭᠤ᠂ ᠤᠷᠠᠳ ᠭᠤᠷᠪᠠᠨ ᠬᠤᠰᠢᠭᠤ᠂ ᠮᠣᠤᠮᠢᠩᠭᠠᠨ ᠬᠤᠰᠢᠭᠤ᠂ ᠬᠠᠯᠬ᠎ᠠ ᠪᠠᠷᠠᠭᠤᠨ ᠭᠠᠷᠤᠨ ᠬᠤᠰᠢᠭᠤ᠃      ᠤᠯᠢᠶᠠᠰᠤᠲᠠᠢ ᠶᠢᠨ ᠴᠢᠭᠤᠯᠭᠠᠨ᠄ ᠵᠠᠰᠠᠭᠲᠦ ᠬᠠᠨ ᠬᠤᠰᠢᠭᠤ᠂ ᠰᠠᠶᠢᠨ ᠨᠤᠶᠠᠨ ᠬᠠᠨ ᠬᠤᠰᠢᠭᠤ᠃               ᠬᠦᠷᠢᠶ᠎ᠡ ᠶᠢᠨ ᠴᠢᠭᠤᠯᠭᠠᠨ᠄ ᠲᠦᠰᠢᠶᠡᠲᠦ ᠬᠠᠨ ᠠᠶᠢᠮᠠᠭ᠂ ᠰᠡᠴᠡᠨ ᠬᠠᠨ ᠠᠶᠢᠮᠠᠭ᠃               ᠰᠢᠨᠢᠩ ᠤᠨ ᠬᠡᠷᠡᠭ ᠡᠷᠬᠢᠯᠡᠬᠦ ᠰᠠᠶᠢᠳ ᠤᠨ ᠰᠢᠭᠤᠳ ᠬᠠᠮᠢᠶᠠᠷᠤᠯ ᠳᠠᠬᠢ ᠴᠠᠭᠠᠨ ᠲᠤᠯᠤᠭᠠᠢ ᠶᠢᠨ  ᠴᠢᠭᠤᠯᠭᠠᠨ᠄ ᠬᠦᠬᠡᠨᠠᠭᠤᠷ ᠤᠨ ᠬᠤᠱᠤᠳ ᠠᠶᠢᠮᠠᠭ ᠤᠨ ᠬᠤᠷᠢᠨ ᠨᠢᠭᠡᠨ ᠬᠤᠰᠢᠭᠤ᠂ ᠴᠤᠷᠤᠰ ᠠᠶᠢᠮᠠᠭ ᠤᠨ ᠬᠤᠶᠠᠷ  ᠬᠤᠰᠢᠭᠤ᠂ ᠬᠠᠯᠬ᠎ᠠ ᠨᠢᠭᠡ ᠬᠤᠰᠢᠭᠤ᠂ ᠬᠤᠶᠢᠳ ᠨᠢᠭᠡ ᠬᠤᠰᠢᠭᠤ᠂ ᠲᠤᠷᠭᠤᠳ ᠳᠦᠷᠪᠡᠨ ᠬᠤᠰᠢᠭᠤ᠃               ᠰᠠᠶᠢᠨᠵᠠᠶᠠᠭᠠᠲᠦ ᠵᠡᠭᠦᠨ ᠭᠠᠷᠤᠨ ᠴᠢᠭᠤᠯᠭᠠᠨ᠄ ᠬᠤᠶᠢᠳ ᠠᠶᠢᠮᠠᠭ ᠤᠨ ᠨᠢᠭᠡ ᠬᠤᠰᠢᠭᠤ᠂ ᠳᠦᠷᠪᠡᠳ ᠠᠶᠢᠮᠠᠭ ᠤᠨ ᠵᠡᠭᠦᠨ ᠭᠠᠷᠤᠨ ᠠᠷᠪᠠᠨ ᠨᠢᠭᠡᠨ ᠬᠤᠰᠢᠭᠤ᠃      ᠰᠠᠶᠢᠨᠵᠠᠶᠠᠭᠠᠲᠦ ᠪᠠᠷᠠᠭᠤᠨ ᠭᠠᠷᠤᠨ ᠴᠢᠭᠤᠯᠭᠠᠨ᠄ ᠬᠤᠶᠢᠳ ᠠᠶᠢᠮᠠᠭ ᠤᠨ ᠨᠢᠭᠡ ᠬᠤᠰᠢᠭᠤ᠂ ᠳᠦᠷᠪᠡᠳ ᠠᠶᠢᠮᠠᠭ ᠤᠨ ᠪᠠᠷᠠᠭᠤᠨ ᠭᠠᠷᠤᠨ ᠭᠤᠷᠪᠠᠨ ᠬᠤᠰᠢᠭᠤ᠃      ᠬᠠᠭᠤᠴᠢᠨ ᠲᠤᠷᠭᠤᠳ ᠠᠶᠢᠮᠠᠭ ᠳᠦᠷᠪᠡᠨ ᠴᠢᠭᠤᠯᠭᠠᠨ᠄ ᠡᠮᠦᠨᠡᠲᠦ ᠦᠨᠡᠨᠰᠦ᠋ᠵᠦᠭᠲᠦ ᠴᠢᠭᠤᠯᠭᠠᠨ᠂ ᠬᠤᠶᠢᠲᠦ ᠦᠨᠡᠨᠰᠦ᠋ᠵᠦᠭᠲᠦ ᠴᠢᠭᠤᠯᠭᠠᠨ᠂ ᠵᠡᠭᠦᠨ ᠦᠨᠡᠨᠰᠦ᠋ᠵᠦᠭᠲᠦ ᠴᠢᠭᠤᠯᠭᠠᠨ᠂ ᠪᠠᠷᠠᠭᠤᠨ ᠦᠨᠡᠨᠰᠦ᠋ᠵᠦᠭᠲᠦ  ᠴᠢᠭᠤᠯᠭᠠᠨ᠃              ᠰᠢᠨ᠎ᠡ ᠲᠤᠷᠭᠤᠳ ᠠᠶᠢᠮᠠᠭ ᠨᠢᠭᠡ ᠴᠢᠭᠤᠯᠭᠠᠨ᠄ ᠴᠢᠩᠰᠡᠳᠬᠢᠯᠲᠦ ᠶᠢᠨ ᠴᠢᠭᠤᠯᠭᠠᠨ᠃               ᠬᠤᠱᠤᠳ ᠠᠶᠢᠮᠠᠭ ᠨᠢᠭᠡ ᠴᠢᠭᠤᠯᠭᠠᠨ᠄ ᠪᠠᠲᠤᠰᠡᠳᠬᠢᠯᠲᠦ ᠶᠢᠨ ᠴᠢᠭᠤᠯᠭᠠᠨ᠃              ᠭᠠᠳᠠᠭᠠᠳᠦ ᠮᠤᠩᠭᠤᠯ ᠤᠨ ᠲᠦᠷᠦ ᠶᠢ ᠵᠠᠰᠠᠬᠤ ᠶᠠᠪᠤᠳᠠᠯ ᠤᠨ ᠶᠠᠮᠤᠨ᠄ ᠠᠯᠠᠱᠠ ᠦᠭᠡᠯᠡᠳ ᠵᠠᠰᠠᠭ ᠬᠤᠰᠢᠭᠤ᠂ ᠡᠵᠡᠨ᠎ᠡ ᠶᠢᠨ ᠬᠠᠭᠤᠴᠢᠨ ᠲᠤᠷᠭᠤᠳ ᠵᠠᠰᠠᠭ ᠬᠤᠰᠢᠭᠤ᠃              ᠬᠦᠯᠦᠨ ᠪᠤᠶᠢᠷ᠄ ᠬᠠᠭᠤᠴᠢᠨ ᠪᠠᠷᠭᠤ᠂ ᠴᠠᠬᠠᠷ᠂ ᠰᠢᠨ᠎ᠡ ᠪᠠᠷᠭᠤ᠃              ᠦᠭᠡᠯᠡᠳ ᠠᠶᠢᠮᠠᠭ᠄ ᠿᠧᠾᠧ ᠦᠭᠡᠯᠡᠳ ᠨᠢᠭᠡ ᠬᠤᠰᠢᠭᠤ᠂ ᠢᠯᠢ ᠶᠢᠨ ᠦᠭᠡᠯᠡᠳ ᠳᠡᠭᠡᠳᠦ ᠭᠤᠷᠪᠠᠨ ᠬᠤᠰᠢᠭᠤ᠂ ᠳᠣᠤᠷᠠᠳᠦ ᠲᠠᠪᠤᠨ ᠬᠤᠰᠢᠭᠤ᠂ ᠲᠠᠷᠪᠠᠭᠠᠲᠠᠢ ᠶᠢᠨ ᠦᠭᠡᠯᠡᠳ ᠨᠢᠭᠡ ᠬᠤᠰᠢᠭᠤ᠂ ᠬᠤᠪᠢᠲᠦ ᠶᠢᠨ ᠦᠭᠡᠯᠡᠳ ᠨᠢᠭᠡ ᠬᠤᠰᠢᠭᠤ᠃               ᠲᠤᠲᠤᠭᠠᠳᠦ ᠮᠤᠩᠭᠤᠯ᠄ ᠵᠠᠭᠴᠢᠨ ᠠᠶᠢᠮᠠᠭ᠂ ᠮᠢᠩᠭᠠᠨ ᠠᠶᠢᠮᠠᠭ᠂ ᠲᠠᠩᠨᠤ ᠤᠷᠢᠶᠠᠩᠬᠠᠢ ᠠᠶᠢᠮᠠᠭ᠂ ᠠᠶᠢᠲᠠᠢ ᠶᠢᠨ ᠤᠷᠢᠶᠠᠩᠬᠠᠢ ᠠᠶᠢᠮᠠᠭ᠂ ᠠᠯᠲᠠᠢ ᠨᠠᠭᠤᠷ ᠤᠨ ᠤᠷᠢᠶᠠᠩᠬᠠᠢ ᠠᠶᠢᠮᠠᠭ᠂ ᠲᠦᠪᠡᠳ ᠤᠨ ᠲᠠᠮᠤ ᠮᠤᠩᠭᠤᠯ ᠠᠶᠢᠮᠠᠭ᠃                                                                                                      
ᠢᠷᠡᠯᠲᠡ᠄ ᠪᠠᠶᠠᠨ ᠴᠡᠯᠡᠭᠡᠷ ᠠᠷᠤ ᠬᠤᠷᠴᠢᠨ ᠰᠦᠯᠵᠢᠶ᠎ᠡ