ᠡᠷᠳᠡ ᠤᠵᠠᠭᠤᠷ ᠠᠴᠠ ᠠᠪᠤᠭᠠᠳ ᠮᠤᠩᠭᠤᠯᠴᠤᠳ ᠠᠷᠢᠭᠢ ᠤᠤᠭᠤᠬᠤ ᠳᠤ ᠤᠯᠠᠨ ᠶᠤᠰᠤ ᠵᠢᠷᠤᠮ ᠲᠠᠢ᠂ ᠪᠤᠯᠪᠠᠰᠤᠨ ᠢ ᠡᠷᠭᠢᠮᠨᠡᠳᠡᠭ ᠵᠠᠩᠰᠢᠯ ᠲᠠᠢ | ᠪᠠᠶᠢᠭᠰᠠᠨ᠃ ᠶᠠᠮᠠᠷ ᠪᠠᠶᠢᠳᠠᠯ᠂ ᠶᠠᠮᠠᠷ ᠠᠬᠤᠢ ᠤᠷᠴᠢᠨ ᠳᠤ ᠴᠤ ᠬᠤᠨᠳᠠᠭ᠎ᠠ ᠲᠠᠢ ᠠᠷᠢᠭᠢ ᠶᠢ ᠠᠪᠤᠩᠭᠤᠳᠠ ᠠᠮᠠ ᠤᠷᠤᠭᠤ ᠪᠠᠨ ᠴᠢᠳᠬᠤᠨ ᠤᠤᠭᠤᠳᠠᠭ ᠦᠭᠡᠢ᠂ | ᠬᠠᠷᠢᠨ ᠨᠠᠰᠤᠳᠠᠨ ᠪᠤᠭᠤᠷᠤᠯ᠂ ᠠᠬᠠᠰ ᠵᠠᠬᠠᠰ ᠲᠠᠭᠠᠨ ᠤᠷᠢᠳᠠᠪᠠᠷ ᠳᠡᠭᠡᠵᠢᠯᠠᠨ ᠭᠡᠮᠨᠠᠵᠦ ᠶᠤᠰᠤ ᠤᠴᠢᠷ ᠢᠶᠠᠨ ᠭᠦᠢᠴᠡᠳᠭᠡᠨ᠂ ᠳᠠᠷᠠᠭ᠎ᠠ ᠨᠢ ᠭᠤᠷᠪᠠᠨᠳᠠ | ᠰᠡᠷᠵᠢᠮᠯᠠᠨ ᠰᠠᠴᠤᠯᠢ ᠡᠷᠭᠦᠵᠦ ᠠᠮᠰᠠᠭᠠᠳ ᠤᠤᠭᠤᠳᠠᠭ᠃ ᠡᠨᠡᠭᠦ ᠵᠠᠩ ᠵᠢᠷᠤᠮ ᠤᠨ ᠪᠦᠷᠢᠯᠳᠦᠯ ᠨᠢ ᠳᠡᠦᠭᠡ ᠶᠢᠨ ᠡᠰᠢ ᠪᠠᠷᠢᠮᠳᠠ ᠲᠠᠢ ᠪᠦᠭᠡᠳ ᠤᠴᠢᠷ | ᠤᠳᠬ᠎ᠠ ᠨᠢ ᠮᠠᠰᠢ ᠭᠦᠨ ᠪᠠᠶᠢᠳᠠᠭ᠃ ᠠᠷᠢᠭᠢ ᠶᠢ ᠭᠤᠷᠪᠠᠨᠳᠠ ᠭᠡᠮᠨᠡᠨ ᠰᠠᠴᠤᠯᠢ ᠡᠷᠭᠦᠳᠡᠭ ᠮᠤᠩᠭᠤᠯᠴᠤᠳ ᠤᠨ ᠶᠤᠰᠤ ᠵᠠᠩᠰᠢᠯ ᠢ ᠲᠤᠷᠠᠳᠬᠤ ᠳᠤ ᠴᠢᠩᠭᠢᠰ | ᠬᠠᠭᠠᠨ ᠤ ᠪᠢᠯᠢᠭ ᠰᠤᠷᠭᠠᠯ ᠠᠴᠠ ᠡᠷᠢᠵᠦ ᠳᠤᠳᠤᠯᠠᠬᠤ ᠤᠴᠢᠷᠳᠠᠢ᠃ ᠳᠡᠦᠭᠡᠨ ᠳᠡᠮᠳᠡᠭᠯᠡᠯ ᠢ ᠦᠨᠳᠤᠰᠤᠯᠡᠪᠡᠯ᠂ ᠨᠠᠢᠮᠠᠨ ᠤ ᠳᠠᠶᠠᠨ ᠬᠠᠠ ᠨᠠᠷᠠᠳᠤ ᠡᠯᠴᠢ ᠪᠠᠨ | ᠴᠠᠭᠠᠨ ᠭᠡᠷᠡᠮ ᠤᠨ ᠠᠷᠤ ᠳᠤ ᠨᠤᠳᠤᠭᠰᠢᠭᠰᠠᠨ ᠤᠩᠭᠤᠳ ᠠᠶᠢᠮᠠᠭ ᠤᠨ ᠳᠦᠷᠦᠭᠦᠤ ᠠᠯᠬᠤᠰᠢ ᠳᠠᠭᠢᠳᠬᠤᠷᠢ ᠳᠤ ᠢᠯᠡᠭᠡᠵᠦ᠂ ︽ᠳᠤᠷᠤᠨ᠎ᠠ ᠵᠦᠭ ᠲᠤ ᠴᠦᠭᠡᠨ | ᠮᠤᠩᠭᠤᠯᠴᠤᠳ ᠪᠤᠢ ᠭᠡᠳᠡᠭ ᠂ ᠴᠢ ᠪᠠᠷᠠᠭᠤᠨ ᠭᠠᠷ ᠪᠤᠯᠵᠦ ᠮᠤᠷᠳᠠ᠂ ᠪᠢ ᠠᠳᠡᠴᠠ ᠬᠠᠮᠰᠠᠵᠦ ᠳᠡᠳᠡᠭᠡᠷ ᠮᠤᠩᠭᠤᠯᠴᠤᠳ ᠤᠨ ᠬᠤᠷᠤᠮᠰᠠᠭ᠎ᠠ ᠰᠠᠭᠠᠳᠠᠭ ᠢ ᠪᠤᠯᠢᠶᠠᠨ | ᠠᠪᠤᠰᠤᠭᠠᠢ︾ ᠭᠡᠵᠡᠢ᠃ ᠠᠯᠬᠤᠰᠢ ᠳᠠᠭᠢᠳᠬᠤᠷᠢ ︽ᠪᠢ ᠪᠠᠷᠠᠭᠤᠨ ᠭᠠᠷ ᠴᠢᠨᠢ ᠪᠤᠯᠵᠦ ᠴᠢᠳᠠᠬᠤ ᠦᠭᠡᠢ︾ ᠭᠡᠵᠦ ᠡᠯᠴᠢ ᠶᠢ ᠨᠢ ᠳᠠᠶᠠᠨ ᠬᠠᠭᠠᠨ ᠳᠤ | ᠪᠤᠴᠠᠭᠠᠭᠠᠳ ᠦᠪᠠᠷ ᠤᠨ ᠵᠤᠬᠤᠨᠠᠭ ᠨᠠᠷᠠᠳᠤ ᠡᠯᠴᠢ ᠪᠠᠨ ᠳᠠᠶᠢᠽᠤ ᠪᠤᠭᠳᠠ ᠴᠢᠩᠭᠢᠰ ᠬᠠᠭᠠᠨ ᠳᠤ ᠢᠯᠡᠭᠡᠵᠦ᠂ ᠵᠢᠷᠭᠤᠭᠠᠨ ᠪᠡᠯᠪᠡᠩ ︵ᠪᠤᠳᠤᠩ︶ ᠠᠷᠢᠭᠢ | ᠪᠡᠯᠡᠭᠯᠡᠨ ᠳᠠᠶᠠᠨ ᠬᠠᠨ ᠤ ᠳᠤᠪᠳᠤᠯᠤᠯᠳᠠ ᠶᠢ ᠰᠠᠷᠠᠮᠵᠢᠯᠡᠳᠤᠭᠡᠢ ᠭᠡᠰᠡᠠ ᠪᠠᠶᠢᠵᠠᠢ᠃ ︽ᠳᠠᠶᠢᠽᠤ ᠤᠷᠢᠳᠠᠪᠠᠷ ᠰᠠᠴᠤᠯᠢ ᠡᠷᠭᠦᠵᠦ ᠳᠠᠷᠠᠭ᠎ᠠ ᠪᠠᠷ ᠵᠤᠭᠤᠭᠯᠠᠪᠠᠢ᠂ | ᠭᠡᠮ ᠢ ᠭᠤᠷᠪᠠᠨᠳᠠ ᠡᠷᠭᠦᠵᠦ᠂ ᠡᠨᠡ ᠶᠠᠭᠤᠮ᠎ᠠ ᠶᠢ ᠪᠠᠭ᠎ᠠ ᠡᠳ᠋ᠯᠡᠪᠡᠰᠤ ᠴᠢᠨᠠᠷ ᠢ ᠭᠦᠭᠵᠢᠭᠡᠮᠤᠢ᠂ ᠶᠡᠭᠡ ᠡᠳ᠋ᠯᠡᠪᠡᠰᠤ ᠴᠢᠨᠠᠷ ᠢ ᠦᠳᠡᠭᠡᠷᠡᠮᠦᠢ︾ ᠭᠡᠵᠡᠢ᠃ ᠠᠯᠬᠤᠰᠢ | ᠳᠠᠭᠢᠳᠬᠤᠷᠢ ᠳᠤ ᠴᠢᠩᠭᠢᠰ ᠬᠠᠭᠠᠨ ᠠᠴᠠ ︽ᠨᠢᠭᠡᠨ ᠡᠳᠦᠷ ᠳᠡᠯᠡᠭᠡᠢ ᠳ᠋ᠠᠭᠢᠨ ᠮᠢᠨᠦ ᠪᠤᠯᠪᠠᠰᠤ ᠴᠢᠨᠤ ᠠᠴᠢ ᠳᠤᠰᠠ ᠶᠢ ᠭᠡᠷᠭᠢᠨ ᠬᠠᠷᠢᠭᠤᠯᠬᠤ ᠶᠢ ᠮᠦᠩᠭᠡ ᠳᠡᠭᠷᠢ | ᠮᠡᠳᠡᠳᠦᠭᠡᠢ︾ ᠭᠡᠮᠡᠭᠰᠠᠨ ᠪᠦᠭᠡᠳ ᠳᠠᠶᠠᠨ ᠬᠠᠨ ᠢ ᠬᠠᠮᠳᠤᠪᠠᠷ ᠳᠠᠶᠢᠯᠠᠬᠤ ᠪᠠᠷ ᠪᠤᠯᠵᠤᠯᠳᠤᠭᠰᠠᠨ ᠠᠵᠢ᠃ ︽ᠰᠤᠳᠤᠷ ᠤᠨ ᠴᠢᠭᠤᠯᠭᠠᠨ︾᠂ ︽ᠮᠤᠩᠭᠤᠯ ᠤᠨ | ᠨᠢᠭᠤᠴᠠ ᠳᠤᠪᠴᠢᠶᠡᠨ︾᠂ ︽ᠪᠤᠭᠳᠠ ᠪᠠᠭᠠᠳᠤᠷ ᠤᠨ ᠪᠠᠶ᠎ᠠ ᠪᠠᠷ ᠳᠠᠶᠢᠯᠠᠭᠰᠠᠨ ᠳᠡᠮᠳᠡᠭᠯᠡᠯ︾ ᠵᠢᠴᠢ ︽ᠭᠤᠤ ᠳᠠᠩ ᠵᠦᠩ ᠰᠢᠶᠠᠨ ᠸᠠᠩ ᠤᠨ ᠭᠦᠰᠢᠶᠠᠨ | ᠪᠢᠴᠢᠭ︾ ᠵᠡᠷᠭᠡ ᠳᠡᠦᠭᠡ ᠱᠠᠰᠳᠢᠷ ᠲᠤ ᠡᠨᠡ ᠳᠤᠬᠠᠢ ᠳᠡᠮᠳᠡᠭᠯᠡᠯ ᠴᠦᠮ ᠪᠤᠢ᠃ ᠴᠢᠩᠭᠢᠰ ᠬᠠᠭᠠᠨ ᠠᠯᠬᠤᠰᠢ ᠳᠠᠭᠢᠳᠬᠤᠷᠢ ᠶᠢᠨ ᠭᠦᠷᠭᠡᠭᠰᠠᠨ ᠵᠢᠷᠭᠤᠭᠠᠨ ᠪᠠᠯᠪᠠᠩ | ᠠᠷᠢᠭᠢ ᠶᠢ ᠰᠠᠴᠤᠯᠢ ᠡᠷᠭᠦᠨ ᠭᠤᠷᠪᠠᠨᠳᠠ ᠭᠡᠮ ᠡᠷᠭᠦᠵᠦ᠂ ᠨᠠᠶᠢᠮᠠᠨ ᠠᠶᠢᠮᠠᠭ ᠢ ᠳᠠᠶᠢᠯᠠᠬᠤ ᠪᠠᠷ ᠶᠡᠭᠡ ᠴᠡᠷᠢᠭ ᠢᠶᠠᠨ ᠳᠠᠶᠢᠴᠢᠯᠠᠨ ᠮᠤᠷᠳᠠᠭᠠᠳ ᠬᠠᠷᠪᠤᠭᠰᠠᠨ ᠰᠤᠮᠤ | ᠮᠠᠳᠤ ᠬᠠᠷᠢᠯᠳᠠ ᠦᠭᠡᠢ ᠪᠠᠷ ᠨᠠᠶᠢᠮᠠᠨ ᠠᠶᠢᠮᠠᠭ ᠢ ᠬᠤᠷᠢᠶᠠᠮᠵᠢᠯᠠᠨ ᠳᠦᠪᠰᠢᠳᠭᠡᠵᠦ᠂ ᠮᠤᠩᠭᠤᠯ ᠤᠨ ᠶᠡᠭᠡ ᠬᠠᠭᠠᠨᠳᠤ ᠳᠤᠯᠭᠤᠷ ᠳᠦᠷᠦ ᠶᠢ ᠴᠤᠭᠴᠠᠯᠠᠭᠰᠠᠨ | ᠪᠠᠶᠢᠨ᠎ᠠ᠃ | ᠮᠤᠩᠭᠤᠯᠴᠤᠳ ᠡᠨᠡᠭᠦ ᠢᠯᠡᠯᠳᠠ ᠪᠠᠨ ᠳᠡᠦᠭᠡᠨ ᠳᠤ ᠦᠨᠢ ᠤᠳᠠᠭᠠᠨ ᠳᠤᠷᠠᠰᠴᠤ ᠳᠡᠮᠳᠡᠭᠯᠡᠭᠦ ᠶᠢᠨ ᠳᠦᠯᠦᠭᠡᠨᠠ ᠴᠢᠩᠭᠢᠰ ᠬᠠᠭᠠᠨ ᠤ ᠠᠷᠢᠭᠢ ᠶᠢ ᠭᠤᠷᠪᠠᠨᠳᠠ | ᠭᠡᠮ ᠡᠷᠭᠦᠵᠦ ᠰᠠᠴᠤᠯᠢ ᠰᠠᠴᠤᠭᠰᠠᠨ ᠢᠶᠠᠷ ᠪᠡᠯᠭᠡᠳᠡᠯ ᠪᠤᠯᠭᠠᠵᠦ᠂ ᠪᠠᠶᠠᠷ ᠳᠤᠷᠠᠰᠬᠠᠯ᠂ ᠨᠠᠶᠢᠷ ᠬᠤᠷᠢᠮ᠂ ᠳᠠᠶᠢᠯᠭ᠎ᠠ ᠳᠠᠭᠢᠯᠭ᠎ᠠ ᠵᠡᠷᠭᠡ ᠴᠤᠭᠯᠠᠭᠠᠨ ᠳᠤ | ᠭᠦᠨᠳᠤᠳᠭᠡᠯ ᠤᠨ ᠶᠤᠰᠤ ᠪᠤᠯᠭᠠᠨ ᠠᠷᠢᠭᠢ ᠶᠢ ᠤᠷᠢᠳᠠᠪᠠᠷ ᠭᠤᠷᠪᠠᠨᠳᠠ ᠰᠡᠷᠵᠢᠮᠯᠠᠨ ᠰᠠᠴᠤᠯᠢ ᠡᠷᠭᠦᠭᠦ ᠪᠤᠯᠵᠠᠢ᠃ ᠮᠦᠨ ᠠᠶᠠᠨ ᠵᠠᠮ ᠳᠤ ᠭᠠᠷᠬᠤ ᠳᠠᠭᠠᠨ | ᠮᠤᠷᠳᠠᠭᠤᠯ ᠤᠨ ᠠᠷᠢᠭᠢ — ︽ᠳᠦᠷᠦᠭᠡᠨ ᠠᠷᠢᠭᠢ︾ ᠭᠡᠵᠦ ᠠᠷᠢᠭᠢ ᠶᠢ ᠭᠤᠷᠪᠠᠨᠳᠠ ᠭᠡᠮᠨᠡᠨ ᠰᠠᠴᠤᠯᠢ ᠡᠷᠭᠦᠵᠦ ᠮᠤᠷᠳᠠᠭᠤᠯᠬᠤ ᠵᠠᠩᠰᠢᠯ ᠪᠤᠢ ᠪᠤᠯᠵᠦ᠂ | ᠡᠨᠡ ᠨᠢ ᠤᠳᠤ ᠪᠤᠯᠳᠠᠯ᠎ᠠ ᠤᠯᠠᠮᠵᠢᠯᠠᠭᠳᠠᠵᠦ ᠪᠠᠶᠢᠨ᠎ᠠ᠃ | ︽ᠮᠤᠩᠭᠤᠯ ᠤᠨ ᠰᠠᠴᠠᠨ ᠬᠠᠨ ᠠᠶᠢᠮᠠᠭ ᠤᠨ ᠵᠠᠷᠢᠮ ᠬᠤᠰᠢᠭᠤ ᠦᠨᠡᠭᠡ ᠳᠤ ᠬᠤᠶᠠᠷ ᠴᠢᠭᠢ ᠲᠠᠢ ᠶᠤᠮ᠂ ᠦᠳᠡ ᠶᠢᠨ ᠬᠤᠨᠳᠠᠭ᠎ᠠ ᠭᠤᠷᠪᠠ ᠪᠠᠶᠢᠳᠠᠭ᠃ | ᠮᠤᠷᠢᠨ ᠳᠤ ᠬᠤᠶᠠᠷ ᠴᠢᠭᠢ ᠲᠠᠢ ᠰᠢᠤ᠂ ᠮᠤᠷᠳᠠᠭᠤᠯᠬᠤ ᠬᠤᠨᠳᠠᠭ᠎ᠠ ᠭᠤᠷᠪᠠ ᠶᠤᠮ︾ ᠭᠡᠵᠦ ᠭᠤᠷᠪᠠᠨ ᠬᠤᠨᠳᠠᠭ᠎ᠠ ᠠᠷᠢᠭᠢ ᠪᠠᠷᠢᠵᠦ ᠮᠤᠷᠳᠠᠭᠤᠯᠬᠤ ︽ᠮᠤᠯᠤᠷ ᠤᠨ | ᠠᠷᠢᠭᠢ︾ ᠪᠠᠷᠢᠳᠠᠭ ᠵᠠᠩ ᠵᠢᠷᠤᠮ ᠢ ᠪᠠᠰᠠ ᠵᠠᠷᠢᠮ ᠮᠠᠲ᠋ᠧᠷᠢᠶᠠᠯ ᠳᠤ ᠳᠡᠮᠳᠡᠭᠯᠡᠵᠤ ᠪᠤᠢ᠃ ᠳᠡᠭᠡᠳᠤ ᠮᠤᠩᠭᠤᠯᠴᠤᠳ ︽ᠳᠤᠰᠠᠯᠠᠪᠠᠯ ᠳᠤᠯᠤᠭ᠎ᠠ᠂ ᠠᠰᠠᠭᠠᠪᠠᠯ | ᠠᠷᠪᠠᠨ ᠬᠤᠨᠳᠠᠭ᠎ᠠ︾ ᠭᠡᠵᠦ ᠠᠷᠢᠭᠢ ᠱᠠᠯᠠᠬᠤ ᠳᠤ ᠪᠠᠰᠠ ︽ᠴᠢᠩᠭᠢᠰ ᠬᠠᠭᠠᠨ ᠤ ᠴᠢᠨᠳᠠᠮᠤᠨᠢ ᠶᠢᠨ ᠭᠤᠷᠪᠠ︾ ᠪᠠᠷ ᠭᠤᠷᠪᠠᠨ ᠬᠤᠨᠳᠠᠭ᠎ᠠ ᠭᠡᠮᠨᠡᠳᠡᠭ ᠪᠠᠶᠢᠨ᠎ᠠ᠃ | ᠮᠤᠩᠭᠤᠯᠴᠤᠳ ᠤᠨ ᠠᠷᠢᠭᠢ ᠶᠢ ᠭᠤᠷᠪᠠᠨᠳᠠ ᠰᠡᠷᠵᠢᠮᠯᠠᠨ ᠰᠠᠴᠤᠯᠢ ᠡᠷᠭᠦᠭᠦ ᠪᠤᠯᠪᠠᠰᠤᠨ ᠵᠠᠩᠰᠢᠯ ᠢ ᠬᠠᠷᠢ ᠤᠯᠤᠰ ᠤᠨ ᠵᠢᠭᠤᠯᠴᠢᠯᠠᠭᠴᠢ ᠸᠢᠯᠢᠶᠠᠮ ᠷᠦᠪᠷᠦᠩ | ᠬᠠᠮᠤᠭ ᠤᠨ ᠳᠦᠷᠦᠭᠦᠨ ᠳᠤ ᠳᠡᠯᠡᠭᠡᠢ ᠨᠠᠶᠢᠳᠠ ᠳᠤ ᠮᠡᠳᠡᠭᠡᠯᠡᠵᠦ ᠳᠠᠨᠢᠯᠴᠠᠭᠤᠯᠵᠠᠢ᠃ ︽ᠳᠠᠳᠠ ᠬᠤᠷᠢᠮ ᠨᠠᠶᠢᠷ ᠭᠢᠵᠦ ᠳᠠᠷᠠᠰᠤ ᠤᠤᠭᠤᠬᠤ ᠳᠠᠭᠠᠨ ᠤᠷᠢᠳᠠᠪᠠᠷ | ᠭᠡᠷ ᠤᠨ ᠡᠵᠡᠨ ᠤ ᠳᠡᠭᠡᠷ᠎ᠠ ᠳᠠᠯ᠎ᠠ ᠶᠢᠨ ᠤᠩᠭᠤᠳ ᠲᠤ ᠠᠷᠢᠭᠢᠨ ᠤ ᠳᠡᠭᠡᠵᠢ ᠪᠠᠨ ᠡᠷᠭᠦᠵᠦ᠂ ᠪᠤᠰᠤᠳ ᠤᠩᠭᠤᠳ ᠲᠠᠭᠠᠨ ᠮᠦᠨ ᠳᠡᠰ ᠳᠠᠷᠠᠭᠠᠯᠠᠨ ᠰᠡᠷᠵᠢᠮ | ᠡᠷᠭᠦᠨ᠎ᠠ᠃ ᠳᠠᠷᠠᠭ᠎ᠠ ᠨᠢ ᠨᠢᠭᠡᠨ ᠵᠠᠷᠤᠴᠠ ᠮᠤᠳᠤᠨ ᠠᠶᠠᠭᠠᠨ ᠳᠤ ᠮᠡᠯᠮᠡᠯᠵᠠᠳᠠᠯᠠ ᠠᠷᠢᠭᠢ ᠰᠦᠩᠨᠡᠨ ᠭᠠᠳᠠᠨ᠎ᠠ ᠭᠠᠷᠴᠤ᠂ ᠡᠮᠦᠨ᠎ᠠ ᠵᠦᠭ ᠲᠤ ᠬᠠᠨᠳᠤᠵᠦ ᠭᠠᠵᠠᠷ | ᠰᠦᠭᠦᠳᠴᠤ ᠭᠤᠷᠪᠠᠨᠳᠠ ᠮᠦᠷᠭᠦᠭᠦ ᠶᠢᠨ ᠳᠠᠭᠠᠤ ᠠᠷᠢᠭᠢ ᠪᠠᠨ ᠭᠤᠷᠪᠠᠨᠳᠠ ᠰᠠᠷᠵᠢᠮᠯᠠᠨ ᠡᠷᠭᠦᠨ᠎ᠠ︾ ᠭᠡᠵᠤ ︽ᠸᠢᠯᠢᠶᠡᠮ ᠷᠦᠪᠷᠦᠩ ᠤᠨ ᠠᠶᠠᠯᠠᠯ ᠤᠨ ᠳᠡᠮᠳᠡᠭᠯᠡᠯ︾ | ᠳᠡᠭᠡᠨ ᠨᠠᠷᠢᠯᠢᠬ ᠳᠡᠮᠳᠡᠭᠯᠡᠵᠡᠢ᠃ | 1999 ᠤᠨ ᠳᠤ ᠪᠢᠳᠠ ᠮᠤᠩᠭᠤᠯ ᠤᠯᠤᠰ ᠤᠨ ᠵᠤᠴᠢᠳ ᠢ ᠭᠦᠯᠢᠶᠡᠨ ᠠᠪᠴᠤ᠂ ᠠᠷᠢᠭᠢ ᠪᠠᠷᠢᠨ ᠰᠠᠷᠵᠢᠮᠯᠡᠭᠦ ᠦᠶᠡᠰ ᠳᠠᠳᠠ ︽ᠮᠠᠨ ᠤ ᠮᠤᠩᠭᠤᠯ | ᠤᠯᠤᠰ ᠤᠨ ᠬᠢᠨ ᠵᠠᠭᠦᠨ ᠭᠠᠷ ᠭᠭᠢᠷ ᠦᠭᠡᠢ᠂ ᠠᠷᠢᠭᠤᠨ ᠭᠡᠮᠡᠨ ᠵᠡᠭᠦᠨ ᠭᠠᠷ ᠢᠶᠠᠷ ᠢᠶᠠᠨ ᠠᠷᠢᠭᠢ ᠰᠠᠷᠵᠢᠮᠯᠡᠨᠠ᠃ ᠰᠠᠷᠵᠢᠮᠯᠠᠨ ᠰᠠᠴᠤᠯᠢ ᠡᠷᠭᠦᠭᠦ ᠳᠤ ᠳᠡᠭᠡᠭᠰᠢ ᠭᠦᠭᠡ | ᠮᠦᠩᠭᠡ ᠳᠡᠭᠷᠢ ᠳᠤ᠂ ᠳᠤᠷᠤᠭᠰᠢ ᠭᠦᠷᠦᠰᠤᠳᠤ ᠠᠯᠳᠠᠨ ᠳᠡᠯᠡᠭᠡᠢ ᠳᠤ᠂ ᠳᠡᠷᠭᠡᠳᠡᠭᠢ ᠭᠠᠯ ᠭᠤᠯᠤᠮᠳᠠ ᠳᠠᠭᠠᠨ ᠭᠡᠵᠦ ᠭᠤᠷᠪᠠᠨᠳᠠ ᠰᠡᠷᠵᠢᠮᠯᠡᠨᠠ︾ ᠭᠡᠵᠦ ᠶᠠᠷᠢᠭᠰᠠᠨ | ᠪᠢᠯᠡ᠃ ᠬᠠᠯᠢᠮᠠᠭᠴᠤᠳ ᠴᠤ ᠠᠷᠢᠭᠢ ᠳᠠᠷᠠᠰᠤ ᠶᠢ ᠠᠪᠤᠮᠠᠭᠴᠠ ᠤᠤᠭᠤᠬᠤ ᠶᠢ ᠠᠷᠢᠭᠢᠨ ᠴᠢᠳᠭᠦᠷ ᠭᠡᠮᠡᠨ ᠡᠯᠡᠭ ᠳᠤᠭᠤᠭᠢ ᠪᠤᠯᠭᠠᠨ ᠬᠤᠱᠤᠩᠨᠠᠨ ᠱᠤᠭᠯᠠᠳᠠᠭ ᠭᠡᠬᠦ | ᠶᠤᠮ᠃ ᠳᠡᠳᠡ ᠴᠤ ᠤᠷᠢᠳᠠᠪᠠᠷ ᠠᠵᠠᠢ ᠪᠤᠭᠤᠷᠤᠯᠴᠤᠳ ᠲᠠᠭᠠᠨ ᠠᠷᠢᠭᠢ ᠪᠠᠨ ᠭᠡᠮᠨᠠᠨ ᠪᠠᠷᠢᠵᠦ᠂ ᠳᠠᠷᠠᠭ᠎ᠠ ᠳᠤᠨᠢ ᠭᠤᠷᠪᠠᠨᠳᠠ ᠰᠠᠴᠤᠯᠢ ᠡᠷᠭᠦᠨ ᠶᠤᠰᠤ | ᠵᠢᠷᠤᠮ ᠢᠶᠠᠨ ᠭᠦᠢᠴᠡᠳᠭᠡᠭᠡᠳ ᠠᠮᠰᠠᠨ ᠵᠤᠭᠤᠭᠯᠠᠳᠠᠭ ᠭᠡᠵᠦ ᠵᠠᠭᠤᠴᠢᠯᠠᠭᠤᠷ ᠤᠨ ᠬᠢᠨ ᠳᠤ ᠮᠡᠳᠡᠭᠡᠯᠡᠭᠰᠡᠨ ᠶᠤᠮ᠃ | |