1204 ᠤᠨ ᠳᠤ ᠴᠢᠩᠬᠢᠰ ᠬᠠᠭᠠᠨ ᠨᠠᠢᠮᠠᠨ ᠠᠶᠢᠮᠠᠭ ᠢ ᠡᠷᠭᠡᠰᠢᠶᠡᠯ ᠳᠤ ᠪᠠᠨ ᠤᠷᠤᠭᠤᠯᠵᠤ᠂ ᠪᠦᠬᠦ ᠮᠤᠩᠭᠤᠯ ᠠᠶᠢᠮᠠᠭ ᠢ ᠨᠢᠭᠡᠳᠭᠡᠵᠦ᠂ ᠨᠠᠢᠮᠠᠨ ᠠᠶᠢᠮᠠᠭ | ᠤᠨ ᠲᠠᠮᠠᠭ᠎ᠠ ᠶᠢᠨ ᠲᠦᠰᠢᠮᠡᠯ ᠤᠶᠢᠭᠤᠷ ᠬᠦᠮᠦᠨ ᠲᠠᠳᠠᠳᠤᠩᠭ᠎ᠠ ᠪᠠᠷ ᠤᠶᠢᠭᠤᠷ ᠬᠡᠯᠡᠨ ᠤ ᠪᠢᠴᠢᠯᠭᠡ ᠵᠢᠷᠤᠯᠭ᠎ᠠ ᠳᠤ ᠰᠠᠭᠤᠷᠢᠯᠠᠨ ᠤᠶᠢᠭᠤᠷᠵᠢᠨ ᠮᠤᠩᠭᠤᠯ ᠦᠰᠦᠭ ᠢ | ᠵᠤᠬᠢᠶᠠᠯᠭᠠᠵᠠᠢ᠃ ᠡᠨᠡ ᠨᠢ ᠮᠠᠨ ᠤ ᠮᠤᠩᠭᠤᠯᠴᠤᠳ ᠤᠨ ᠬᠠᠮᠤᠭ ᠠᠩᠬᠠᠨ ᠤ ᠦᠰᠦᠭ ᠪᠢᠴᠢᠭ ᠪᠤᠯᠬᠤ ᠶᠤᠮ᠃ ᠮᠦᠨ ᠬᠦ ᠤᠳᠤ ᠶᠢᠨ ᠤᠶᠢᠭᠤᠷᠵᠢᠨ ᠮᠤᠩᠭᠤᠯ | ᠦᠰᠦᠭ ᠤᠨ ᠡᠬᠡ ᠪᠤᠯᠬᠤ ᠶᠤᠮ᠃ ᠲᠡᠭᠦᠨ ᠠᠴᠠ ᠬᠤᠶᠢᠰᠢ ᠮᠤᠩᠭᠤᠯ ᠦᠰᠦᠭ ᠬᠡᠳᠦ ᠤᠳᠠᠭᠠᠨ ᠤ ᠦᠭᠡᠷᠡᠴᠢᠯᠠᠯᠳᠠ ᠰᠢᠨᠡᠴᠢᠯᠡᠯᠳᠡ ᠶᠢ ᠦᠩᠭᠡᠷᠡᠭᠡᠭᠰᠡᠨ ᠪᠠᠶᠢᠨ᠎ᠠ᠃ | | 1269 ᠤᠨ ᠳᠤ ᠬᠤᠪᠢᠯᠠᠢ ᠬᠠᠭᠠᠨ ᠲᠦᠪᠡᠳ ᠤᠨ ᠫᠠᠭᠪᠠ ᠯᠠᠮᠠ ᠪᠠᠷ ᠬᠢᠳᠠᠳ᠂ ᠮᠤᠩᠭᠤᠯ᠂ ᠲᠦᠪᠡᠳ᠂ ᠤᠶᠢᠭᠤᠷ ᠵᠡᠷᠭᠡ ᠨᠡᠶᠢᠳᠡ ᠦᠨᠳᠦᠰᠦᠳᠡᠨ ᠳᠤ | ᠬᠡᠷᠡᠭᠯᠡᠭᠦᠯᠬᠦ ᠲᠦᠷᠪᠡᠯᠵᠢᠨ ᠦᠰᠦᠭ ᠵᠤᠬᠢᠶᠠᠯᠭᠠᠵᠠᠢ᠃ ᠲᠦᠷᠪᠡᠯᠵᠢᠨ ᠦᠰᠦᠭ ᠨᠢ ᠵᠦᠪᠬᠡᠨ ᠤᠷᠳᠤᠨ ᠤ ᠲᠠᠮᠠᠭ᠎ᠠ ᠰᠡᠶᠢᠯᠦᠮᠠᠯ ᠠᠴᠠ ᠤᠨᠳᠤᠤ ᠶᠠᠷᠦ ᠶᠢᠨ | ᠬᠡᠷᠡᠭᠯᠡᠭᠡᠨ ᠳᠤ ᠵᠤᠬᠢᠴᠠᠬᠤ ᠦᠭᠡᠢ ᠪᠤᠯᠬᠤᠷ ᠦᠷᠭᠡᠨ ᠢᠶᠠᠷ ᠬᠡᠷᠡᠭᠯᠡᠵᠦ ᠲᠡᠶᠢᠯᠦᠭᠰᠡᠨ ᠦᠭᠡᠢ᠃ | 1587 ᠤᠨ ᠳᠤ ᠬᠠᠷᠠᠴᠢᠨ ᠬᠦᠦᠰᠢ ᠠᠶᠤᠰᠢ ᠬᠡᠭᠴᠢ ᠬᠦᠮᠦᠨ ︽ᠠᠯᠢ ᠭᠠᠯᠢ︾ ᠬᠡᠭᠦ ᠭᠠᠯᠢᠭ ᠦᠰᠦᠭ ᠢ ᠵᠤᠬᠢᠶᠠᠵᠠᠢ᠃ | 1599 ᠤᠨ ᠳᠤ ᠽᠠᠶ᠎ᠠ ᠪᠠᠨᠳᠢᠳᠠ ᠨᠠᠮᠠᠬᠠᠶᠢᠵᠠᠮᠰᠤ ᠤᠶᠢᠷᠠᠳ ᠠᠶᠠᠯᠭᠤᠨ ᠤ ᠰᠠᠭᠤᠷᠢᠨ ᠳᠤ ᠲᠤᠳᠤ ᠦᠰᠦᠭ ᠢ ᠵᠤᠬᠢᠶᠠᠵᠠᠢ᠃ | 1686 ᠤᠨ ᠳᠤ ᠵᠢᠪᠽᠤᠨᠳᠠᠮᠪᠠ ᠬᠤᠳᠤᠭᠳᠤ ᠪᠤᠶᠤ ᠦᠨᠳᠦᠷ ᠬᠡᠭᠡᠨ ᠰᠤᠶᠤᠮᠪᠤ ᠦᠰᠦᠭ ᠢ ᠵᠤᠬᠢᠶᠠᠵᠠᠢ᠃ | 1905 ᠤᠨ ᠳᠤ ᠪᠠᠶᠢᠭᠠᠯ ᠨᠠᠭᠤᠷ ᠤᠨ ᠬᠤᠶᠢᠳᠤ ᠬᠦᠪᠡᠭᠡ ᠪᠠᠷ ᠨᠤᠳᠤᠭᠯᠠᠵᠤ ᠪᠠᠶᠢᠭᠰᠠᠨ ᠪᠤᠷᠢᠶᠠᠳ ᠤᠨ ᠠᠶᠠᠯᠭᠤᠨ ᠳᠤ ᠰᠠᠭᠤᠷᠢᠯᠠᠨ ᠸᠠᠬᠢᠨᠳᠠᠷᠠ ᠭᠡᠰᠡᠨ | ᠬᠦᠮᠦᠨ ᠸᠠᠬᠢᠨᠳᠠᠷᠠ ᠦᠰᠦᠭ ᠢ ᠵᠤᠬᠢᠶᠠᠪᠠ᠃ ᠲᠡᠭᠡᠷᠡᠬᠢ ᠲᠦᠷᠪᠡᠨ ᠲᠦᠷᠦᠯ ᠤᠨ ᠦᠰᠦᠭ ᠨᠢ ᠵᠦᠪᠬᠡᠨ ᠤᠷᠤᠨ ᠨᠤᠳᠤᠭ ᠤᠨ ᠰᠢᠨᠵᠢ ᠲᠠᠢ ᠦᠰᠦᠭ ᠪᠢᠴᠢᠭ | ᠪᠤᠯᠤᠨ᠎ᠠ᠃ ᠦᠷᠭᠡᠨ ᠢᠶᠠᠷ ᠬᠡᠷᠡᠭᠯᠡᠭᠳᠡᠵᠦ ᠴᠢᠳᠠᠭᠰᠠᠨ ᠦᠭᠡᠢ᠃ | 1946 ᠤᠨ ᠳᠤ ᠮᠤᠩᠭᠤᠯ ᠤᠯᠤᠰ ᠤᠷᠤᠰ ᠴᠠᠭᠠᠨ ᠲᠤᠯᠤᠭᠠᠢ ᠪᠦᠭᠦᠢ ᠺᠢᠷᠢᠯ ᠦᠰᠤᠭ᠌ ᠪᠤᠶᠤ ᠰᠡᠯᠧᠵᠢᠨ ᠮᠤᠩᠭᠤᠯ ᠦᠰᠦᠭ ᠢ ᠵᠤᠬᠢᠶᠠᠵᠠᠢ᠃ ᠡᠬᠦᠨ ᠢ | ᠪᠠᠰᠠ ᠰᠢᠨ᠎ᠡ ᠮᠤᠩᠭᠤᠯ ᠦᠰᠦᠭ ᠭᠡᠳᠡᠭ᠂ ᠵᠦᠪᠬᠡᠨ ᠪᠦᠭᠦᠳᠡ ᠨᠠᠶᠢᠷᠠᠮᠳᠠᠬᠤ ᠮᠤᠩᠭᠤᠯ ᠤᠯᠤᠰ ᠬᠡᠷᠡᠭᠯᠡᠵᠦ ᠪᠠᠶᠢᠨ᠎ᠠ᠃ ᠲᠡᠦᠭᠡ ᠶᠢᠨ ᠤᠷᠳᠤ ᠠᠶᠠᠨ ᠤ ᠶᠠᠪᠤᠴᠠ | ᠳᠤ ᠤᠰᠠᠳᠴᠦ ᠪᠠᠯᠠᠷᠠᠬᠤ ᠠᠶᠤᠯ ᠳᠤ ᠤᠴᠠᠷᠠᠭᠰᠠᠨ ᠶᠤᠮ᠃ | 1368 ᠤᠨ ᠳᠤ ᠶᠤᠸᠠᠨ ᠤᠯᠤᠰ ᠮᠦᠭᠦᠭᠰᠡᠨ ᠤ ᠰᠡᠭᠦᠯᠡᠷ ᠮᠢᠩ ᠭᠦᠷᠦᠨ ᠤ ᠶᠡᠭᠡ ᠵᠠᠩᠵᠤᠨ ᠰᠢᠦᠢ ᠳ᠋ᠠ ᠮᠡᠳᠦ ᠶᠢᠨ ᠬᠦᠮᠦᠰ ᠭᠡᠳᠦ ᠤᠳᠠᠭ᠎ᠠ ᠮᠤᠩᠭᠤᠯ | ᠨᠤᠮ ᠲᠡᠪᠳᠡᠷ ᠢ ᠬᠤᠷᠢᠶᠠᠮᠵᠢᠯᠠᠨ ᠰᠢᠳᠠᠭᠠᠭᠰᠠᠨ ᠪᠡ 1742 ᠤᠨ ᠳᠤ ᠮᠠᠨᠵᠤ ᠶᠢᠨ ᠲᠡᠭᠷᠢ ᠲᠡᠳᠭᠦᠭᠴᠢ ᠬᠠᠭᠠᠨ ᠠᠴᠠ ᠮᠤᠩᠭᠤᠯ ᠬᠦᠮᠦᠨ ᠤ ᠭᠡᠷ ᠲᠤ ᠪᠠᠶᠢᠭᠰᠠᠨ | ᠨᠤᠮ ᠲᠡᠪᠳᠡᠷ ᠢ ᠪᠡᠭᠡᠵᠢᠩ ᠳᠤ ᠠᠪᠠᠴᠢᠨ ᠰᠢᠳᠠᠭᠠᠭᠰᠠᠨ ᠪᠠᠶᠢᠨ᠎ᠠ᠃ ᠤᠨᠴᠠᠭᠠᠶᠢᠯᠠᠨ ᠮᠠᠨᠵᠤ ᠴᠢᠩ ᠤᠨ ᠵᠠᠰᠠᠭ ᠤᠨ ᠭᠠᠵᠠᠷ ᠠᠴᠠ ᠮᠤᠩᠭᠤᠯ ᠤᠷᠤᠨ ᠳᠤ ᠱᠠᠰᠢᠨ | ᠰᠤᠷᠳᠠᠬᠤᠨ ᠢ ᠶᠡᠭᠡ ᠪᠠᠷ ᠲᠠᠯᠭᠡᠷᠡᠭᠦᠯᠦᠨ ᠮᠤᠩᠬᠠᠷᠠᠭᠤᠯᠤᠨ ᠮᠢᠨᠴᠦᠭᠦᠷᠡᠭᠦᠯᠬᠦ ᠬᠤᠤᠷᠳᠠᠢ ᠲᠦᠷᠦ ᠶᠢᠨ ᠪᠤᠳᠤᠯᠭ᠎ᠠ ᠠᠪᠤᠭᠰᠠᠨ ᠠᠴᠠ ᠮᠠᠨ ᠤ ᠦᠨᠳᠦᠰᠦᠳᠡᠨ ᠤ | ᠦᠭᠡ ᠬᠡᠯᠡ ᠦᠰᠦᠭ ᠪᠢᠴᠢᠭ ᠴᠦ ᠬᠠᠶᠢᠯᠵᠤ ᠤᠰᠠᠳᠬᠤ ᠬᠡᠮᠵᠢᠶᠡᠨ ᠳᠤ ᠬᠦᠷᠦᠭᠰᠡᠨ ᠶᠤᠮ᠃ ᠰᠡᠭᠦᠯᠡᠷ ᠨᠢ ︽ᠰᠤᠶᠤᠯ ᠤᠨ ᠬᠤᠪᠢᠰᠬᠠᠯ︾ ᠤᠨ ᠴᠠᠭ ᠲᠤ ᠪᠠᠰᠠ | ᠦᠯᠡᠳᠡᠵᠦ ᠲᠤᠰᠤᠭᠰᠠᠨ ᠮᠤᠩᠭᠤᠯ ᠨᠤᠮ ᠰᠤᠳᠤᠷ ᠢ ᠰᠦᠢᠳᠭᠡᠭᠰᠡᠨ ᠠᠴᠠ ᠦᠨᠳᠦᠰᠦᠳᠡᠨ ᠤ ᠰᠤᠶᠤᠯ ᠲᠠᠬᠢᠨ ᠨᠢᠭᠡ ᠤᠳᠠᠭᠠᠨ ᠤ ᠶᠡᠭᠡ ᠠᠶᠤᠯ ᠭᠠᠮᠰᠢᠭ ᠲᠤ | ᠲᠤᠯᠭᠠᠷᠠᠭᠰᠠᠨ ᠶᠤᠮ᠃ | |