ᠮᠣᠷᠢ ᠣᠨᠣᠵᠤ ᠰᠤᠷᠭᠠᠬᠤ ᠳᠦᠭᠦᠮ ᠠᠷᠭ᠎ᠠ
ᠨᠡᠶᠢᠲᠡᠯᠡᠭᠰᠡᠨ ᠴᠠᠭ᠄
2022/5/17
     1᠂ ᠮᠣᠷᠢ ᠶᠢ ᠣᠨᠣᠵᠤ ᠰᠤᠷᠭᠠᠬᠤ ᠳᠠᠭᠠᠨ ᠪᠦᠭᠦᠯᠢ ᠨᠢᠭᠡ ᠨᠠᠰᠤ ᠭᠦᠷᠦᠭᠰᠡᠨ ᠤ ᠳᠠᠷᠠᠭ᠎ᠠ ᠪᠤᠶᠤ ᠳᠠᠭ᠎ᠠ ᠳᠤᠨᠢ  ᠰᠤᠷᠭᠠᠨ᠎ᠠ᠃ ᠰᠢᠳᠤᠯᠠᠩ ᠨᠠᠰᠤᠨ ᠳᠤ ᠵᠦᠭᠡᠯᠡᠨ ᠤᠨᠤᠵᠤ ᠡᠳ᠋ᠯᠡᠪᠡᠯ ᠵᠣᠭᠢᠨ᠎ᠡ᠃ ᠳᠠᠭ᠎ᠠ ᠪᠠᠨ ᠰᠤᠷᠭᠠᠬᠤ ᠳᠤ ᠬᠠᠪᠤᠷ  ᠡᠪᠡᠰᠦ ᠨᠤᠭᠤᠭᠠᠯᠠᠨ ᠤᠷᠭᠤᠵᠤ᠂ ᠳᠠᠭᠠᠭᠢ ᠨᠤᠤᠰᠤ ᠨᠢ ᠡᠭᠢᠯᠡᠵᠦ ᠤᠨᠠᠬᠤ ᠦᠶ᠎ᠡ ᠳᠤ ᠰᠤᠷᠭᠠᠳᠠᠭ᠃ ᠮᠢᠬᠠᠯᠠᠵᠤ  ᠲᠠᠷᠭᠤᠯᠠᠭᠰᠠᠨ ᠦᠶ᠎ᠡ ᠳᠤ ᠰᠤᠷᠭᠠᠬᠤ ᠳᠤ ᠲᠣᠭᠢᠷᠠᠬᠤ ᠦᠭᠡᠢ᠃           2᠂ ᠡᠮᠨᠡᠭ ᠳᠠᠭ᠎ᠠ ᠶᠢ ᠠᠮᠢᠰᠬᠤᠯ ᠢ ᠨᠠᠮᠳᠠᠬᠤ ᠠᠴᠠ ᠡᠮᠦᠨ᠎ᠡ ᠡᠮᠡᠭᠡᠯ ᠢ ᠲᠦᠷᠭᠡᠨ ᠲᠣᠬᠤᠵᠤ ᠱᠠᠯᠠᠮᠠᠭᠠᠢ  ᠮᠣᠷᠳᠠᠭᠠᠳ᠂ ᠵᠦᠭᠡᠯᠡᠨ ᠭᠦᠳᠡᠯᠭᠡᠨ᠎ᠡ᠃           3᠂ ᠳᠠᠭ᠎ᠠ ᠶᠢ ᠪᠠᠷᠢᠵᠤ ᠲᠠᠯᠪᠢᠬᠤ ᠳᠠᠭᠠᠨ ᠴᠢᠭᠢ ᠶᠢ ᠨᠢ ᠣᠯᠠᠨ ᠤᠳᠠᠭ᠎ᠠ ᠴᠢᠩᠭ᠎ᠠ ᠮᠣᠰᠭᠢᠪᠠᠯ ᠨᠣᠮᠣᠬᠠᠷᠠᠨ᠎ᠠ᠃ ᠤᠨᠤᠵᠤ ᠮᠣᠷᠳᠠᠬᠤ ᠳᠠᠭᠠᠨ ᠢᠵᠢᠯᠢ ᠳᠤᠨᠢ ᠳᠠᠭᠠᠭᠤᠯᠵᠤ᠂ ᠨᠢᠮᠭᠡᠨ ᠴᠠᠪᠢ ᠪᠠᠷ ᠨᠢ ᠣᠯᠠᠨ ᠤᠳᠠᠭ᠎ᠠ ᠭᠤᠶᠠᠳᠠᠪᠠᠯ  ᠨᠣᠮᠣᠬᠠᠷᠠᠨ᠎ᠠ᠃           4᠂ ᠴᠢᠳᠦᠷᠯᠡᠭᠰᠡᠨ ᠳᠠᠭ᠎ᠠ ᠶᠢ ᠴᠢᠩᠭ᠎ᠠ ᠶᠠᠪᠤᠭᠤᠯᠪᠠᠯ ᠭᠦᠯ ᠳᠤᠨᠢ ᠭᠡᠮ ᠰᠠᠭᠤᠳᠠᠭ᠃ ᠠᠩᠬ᠎ᠠ ᠰᠤᠷᠭᠠᠬᠤ ᠳᠠᠭᠠᠨ ᠴᠢᠳᠠᠯ ᠲᠠᠢ ᠭᠦᠩᠭᠡᠨ ᠭᠦᠮᠦᠨ ᠤᠨᠤᠵᠤ ᠰᠤᠷᠭᠠᠪᠠᠯ ᠰᠠᠶᠢᠨ ᠪᠠᠶᠢᠳᠠᠭ᠃            5᠂ ᠣᠯᠠᠨ ᠤᠳᠠᠭ᠎ᠠ ᠦᠢᠴᠢᠪᠡᠯ ᠳᠠᠭ᠎ᠠ ᠪᠠᠰᠠ ᠮᠠᠭᠤ ᠵᠠᠩ ᠰᠤᠷᠤᠨ᠎ᠠ᠃ ᠬᠠᠵᠠᠭᠠᠷᠯᠠᠵᠤ ᠡᠮᠡᠭᠡᠯᠯᠡᠭᠦ ᠳᠡᠭᠡᠨ ᠡᠪ ᠲᠠᠢ ᠵᠦᠭᠡᠯᠡᠨ ᠣᠷᠣᠬᠤ ᠭᠡᠷᠡᠭᠲᠡᠢ᠃          6᠂ ᠤᠨᠤᠵᠤ ᠶᠠᠪᠣᠬᠤ ᠳᠠᠭᠠᠨ ᠵᠢᠯᠣᠭᠤ ᠪᠠᠨ ᠰᠤᠯᠡ ᠰᠢᠭ᠋ ᠲᠠᠯᠪᠢᠵᠤ᠂ ᠮᠣᠷᠣᠢ ᠬᠠᠵᠠᠭᠠᠷ ᠶᠠᠪᠣᠭᠤᠯᠬᠤ ᠪᠤᠶᠤ ᠪᠤᠷᠤᠭᠤ ᠠᠮᠠ ᠲᠠᠢ ᠬᠠᠳᠤᠷᠬᠤ ᠵᠠᠩ ᠰᠤᠷᠭᠠᠬᠤ ᠠᠴᠠ ᠭᠢᠴᠢᠶᠡᠨ᠎ᠡ᠃           7᠂ ᠤᠨᠤᠵᠤ ᠶᠠᠪᠤᠭ᠎ᠠ ᠡᠮᠨᠢᠭ ᠮᠣᠷᠢ ᠶᠢ ᠡᠭᠴᠡ ᠦᠡᠳᠦᠷ ᠭᠠᠵᠠᠷ ᠵᠦᠭ ᠰᠢᠷᠦᠭᠦᠨ ᠳᠠᠪᠭᠢᠭᠤᠯᠵᠤ ᠪᠣᠯᠬᠤ  ᠦᠭᠡᠢ᠃ ᠰᠠᠯᠭᠢᠨ ᠤ ᠦᠭᠡᠳᠡ ᠰᠢᠷᠦᠭᠦᠨ ᠳᠠᠪᠭᠢᠭᠤᠯᠵᠤ ᠪᠣᠯᠬᠤ ᠦᠭᠡᠢ᠃ ᠵᠢᠯᠣᠭᠤ ᠳᠤ ᠰᠠᠶᠢᠨ ᠳᠠᠰᠤᠭᠠᠳ  ᠦᠭᠡᠢ ᠡᠮᠨᠢᠭ ᠮᠣᠷᠢ ᠶᠢ ᠰᠤᠷᠭᠠᠬᠤ ᠳᠠᠭᠠᠨ ᠤᠷᠢᠳᠠᠪᠠᠷ ᠬᠤᠨᠢ ᠬᠠᠷᠢᠭᠤᠯᠵᠤ ᠠᠮᠠ ᠶᠢ ᠨᠢ ᠵᠦᠭᠰᠢᠷᠡᠭᠦᠯᠦᠨ᠎ᠡ᠃           8᠂ ᠮᠣᠷᠳᠠᠬᠤ ᠪᠤᠶᠤ ᠪᠠᠭᠤᠬᠤ ᠳᠠᠭᠠᠨ ᠠᠮᠠ ᠶᠢ ᠨᠢ ᠰᠢᠭᠤᠳ ᠴᠢᠩᠭ᠎ᠠ ᠲᠠᠲᠠᠵᠤ ᠵᠣᠭᠰᠤᠭᠠᠬᠤ ᠠᠴᠠ  ᠭᠢᠴᠢᠶᠡᠨ᠎ᠡ᠃          9᠂ ᠰᠢᠷᠦᠭᠦᠨ ᠵᠠᠩ ᠲᠠᠢ ᠡᠮᠨᠢᠭ ᠮᠣᠷᠢ ᠳᠤ ᠳᠠᠪᠬᠤᠷ ᠵᠢᠯᠣᠭᠤ ᠲᠠᠲᠠᠵᠤ ᠪᠣᠯᠤᠨ᠎ᠠ᠃          10᠂ ᠡᠮᠨᠢᠭ ᠳᠣᠭᠰᠢᠨ ᠮᠣᠷᠢ ᠶᠢ ᠤᠨᠤᠬᠤ ᠳᠠᠭᠠᠨ ᠳᠦᠷᠦᠭᠡ ᠪᠠᠨ ᠬᠤᠯᠪᠤᠨ᠎ᠠ᠃          11᠂ ᠡᠮᠡᠭᠡᠯ ᠠᠪᠴᠤ ᠣᠴᠢᠬᠤ ᠳᠤ ᠵᠤᠯᠠᠳᠠᠭ ᠡᠮᠨᠢᠭ ᠮᠣᠷᠢ ᠶᠢ ᠤᠷᠢᠳᠠᠪᠠᠷ ᠴᠢᠳᠤᠷᠯᠠᠵᠤ ᠪᠠᠶᠢᠭᠠᠳ ᠡᠮᠡᠭᠡᠯᠯᠡᠨ᠎ᠡ᠃          12᠂ ᠡᠮᠨᠢᠭ ᠮᠣᠷᠢ ᠶᠢ ᠪᠠᠷᠢᠵᠤ ᠲᠠᠯᠪᠢᠬᠤ ᠳᠠᠭᠠᠨ ᠢᠯᠡᠭᠦᠭᠡᠨ ᠮᠠᠭᠠᠵᠢᠵᠤ᠂ ᠨᠤᠤᠰᠤ ᠦᠰᠦ ᠶᠢ ᠨᠢ ᠢᠯᠪᠢᠵᠤ᠂ ᠵᠦᠭᠡᠯᠡᠨ ᠳᠠᠭᠤ ᠴᠢᠮᠡᠭᠡ ᠦᠭᠴᠦ ᠳᠠᠰᠬᠠᠨ᠎ᠠ᠃     13᠂ ᠪᠠᠭ᠎ᠠ ᠨᠠᠰᠤᠨ ᠤ ᠡᠮᠨᠢᠭ ᠮᠣᠷᠢ ᠶᠢ ᠰᠢᠷᠦᠭᠦᠨ ᠮᠠᠯᠢᠶᠠᠳᠠᠨ ᠭᠤᠶᠠᠳᠠᠵᠤ ᠪᠣᠯᠬᠤ ᠦᠭᠡᠢ᠃          14᠂ ᠡᠮᠨᠢᠭ ᠮᠣᠷᠢ ᠶᠢ ᠠᠩᠬ᠎ᠠ ᠮᠣᠷᠳᠠᠵᠤ ᠰᠤᠷᠭᠠᠬᠤ ᠳᠠᠭᠠᠨ ᠰᠠᠯᠭᠢᠨ ᠤ ᠦᠭᠡᠳᠡ ᠬᠠᠷᠠᠭᠤᠯᠤᠨ ᠲᠡᠭᠰᠢ  ᠭᠠᠵᠠᠷ ᠮᠣᠷᠳᠠᠵᠤ ᠠᠪᠤᠭᠠᠳ ᠤᠷᠤᠭᠤ ᠭᠠᠵᠠᠷ ᠰᠠᠵᠢᠯᠠᠬᠤ ᠪᠤᠶᠤ ᠪᠠᠭᠤᠵᠤ ᠶᠠᠪᠠᠭᠠᠨ ᠭᠦᠳᠦᠯᠵᠦ ᠳᠠᠰᠬᠠᠨ᠎ᠠ᠃   
ᠢᠷᠡᠯᠲᠡ᠄ ᠤᠷᠠᠳ ᠤᠨ ᠡᠮᠦᠨᠡᠲᠦ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ