1. ᠵᠢᠷᠠᠨ ᠤᠷᠭᠢᠵᠤ ᠲᠤᠭᠯᠠᠬᠤ ᠄ ᠵᠢᠷᠠᠨ ᠱᠠᠭ᠎ᠠ ᠶᠢ ᠲᠤᠰᠬᠠᠢ ᠪᠡᠯᠡᠳᠭᠡᠭᠰᠡᠨ ᠠᠮᠠ ᠲᠥᠷᠪᠡᠯᠵᠢᠨ ᠵᠢᠵᠢᠭ ᠠᠷᠠᠰᠤᠨ ᠲᠠᠭᠡᠷ᠎ᠠ ᠤᠷᠭᠢᠵᠥ᠂ ᠢᠵᠢᠯ | ᠲᠥᠷᠰᠤ ᠪᠠᠷ ᠨᠢ ᠨᠢᠰᠠᠯᠤᠨ ᠤᠨᠤᠭᠠᠵᠤ ᠨᠠᠭᠠᠳᠳᠠᠭ᠃ ᠢᠡᠭᠭᠢᠵᠥ ᠱᠠᠭ᠎ᠠ ᠨᠢᠰᠠᠯᠬᠤ ᠳᠤ ᠪᠠᠨ ᠲᠤᠭᠳᠠᠭᠰᠠᠨ ᠲᠥᠷᠢᠮ ᠶᠤᠰᠤ ᠶᠢ ᠲᠠᠭᠠᠬᠤ ᠠᠴᠠ ᠭᠠᠳᠠᠨ᠎ᠠ᠂ | ᠤᠷᠭᠢᠭᠰᠠᠨ ᠱᠠᠭ᠎ᠠ ᠨᠢ ᠲᠠᠪᠢᠰᠥᠭᠰᠡᠨ ᠭᠥᠯᠭᠡ ᠠᠴᠠ ᠭᠠᠳᠠᠭᠤᠷ ᠲᠤᠰᠪᠠᠯ ᠮᠥᠨ ᠲᠥᠷᠢᠮ ᠵᠥᠷᠢᠴᠡᠭᠰᠡᠨ ᠢᠶᠠᠷ ᠪᠤᠳᠤᠵᠤ᠂ ᠲᠠᠷᠠᠭᠠᠭᠢ ᠶᠢᠨ ᠡᠭᠡᠯᠵᠢ ᠳᠤ ᠪᠠᠨ | ᠰᠢᠯᠵᠢᠭᠦᠯᠳᠡᠭ᠃ | 2. ᠱᠠᠭ᠎ᠠ ᠨᠢᠰᠠᠯᠵᠤ ᠲᠤᠭᠯᠠᠬᠤ ᠄ ᠱᠠᠭ᠎ᠠ ᠪᠠᠨ ᠨᠠᠶᠢᠷᠠᠵᠤ ᠤᠷᠭᠢᠭᠠᠳ ᠮᠤᠷᠢ ᠶᠢ ᠮᠤᠷᠢ ᠲᠠᠢ᠂ ᠬᠤᠨᠢ ᠶᠢ ᠬᠤᠨᠢ ᠲᠠᠢ ᠭᠡᠭᠦ ᠮᠠᠳᠤ ᠠᠳᠠᠯᠢ | ᠲᠥᠷᠰᠥ ᠲᠠᠢ ᠱᠠᠭ᠎ᠠ ᠶᠢ ᠬᠤᠭᠤᠷᠤᠨᠳᠤ ᠨᠢ ᠨᠢᠰᠠᠯᠤᠨ ᠤᠨᠠᠭᠠᠵᠤ᠂ ᠠᠯᠢ ᠠᠰᠢᠭᠳᠠᠢ ᠪᠠᠨ ᠥᠯᠡᠳᠡᠭᠡᠨ᠂ ᠨᠢᠭᠡ ᠶᠢ ᠨᠢ ᠠᠪᠳᠠᠭ᠃ ᠨᠢᠰᠠᠯᠤᠭᠠᠳ ᠤᠨᠤᠭᠠᠵᠤ | ᠴᠢᠳᠠᠪᠠᠯ ᠥᠷᠭᠦᠯᠵᠢᠯᠠᠨ ᠨᠢᠰᠠᠯᠤᠨ᠎ᠠ᠃ ᠭᠡᠷᠪᠡ ᠤᠨᠤᠭᠠᠭᠰᠠᠨ ᠥᠭᠡᠢ ᠪᠤᠯ ᠪᠤᠰᠤᠳ ᠨᠢ ᠨᠢᠰᠠᠯᠳᠠᠭ᠃ ᠢᠡᠭᠭᠢᠭᠡᠳ ᠤᠨᠤᠭᠠᠭᠰᠠᠨ ᠲᠤᠭᠠᠨ ᠤ ᠤᠯᠠᠨ ᠴᠥᠭᠡᠨ ᠢᠶᠠᠷ | ᠱᠥᠭᠦᠯᠳᠠ ᠪᠠᠨ ᠢᠯᠭᠠᠷᠠᠭᠤᠯᠳᠠᠭ᠃ ᠱᠠᠭ᠎ᠠ ᠨᠢᠰᠠᠯᠬᠤ ᠳᠤ ᠤᠯᠠᠨ ᠲᠥᠷᠢᠮ ᠶᠤᠰᠤ ᠲᠠᠢ᠃ ᠲᠤᠬᠠᠶᠢᠢᠯᠠᠪᠠᠯ᠂ ᠨᠠᠶᠢᠷᠠᠵᠤ ᠤᠷᠭᠢᠭᠰᠠᠨ ᠱᠠᠭ᠎ᠠ ᠲᠠᠪᠬᠤᠴᠠᠨ | ᠲᠤᠰᠤᠭᠰᠠᠨ ᠪᠠᠶᠢᠪᠠᠯ ᠲᠡᠭᠦᠨ ᠢ ᠱᠠᠭ᠎ᠠ ᠪᠠᠷ ᠴᠤᠭᠢᠵᠤ ᠰᠠᠯᠭᠠᠬᠤ᠂ ᠨᠢᠰᠠᠯᠬᠤ ᠳᠤ ᠪᠠᠨ ᠥᠭᠡᠷ᠎ᠠ ᠱᠠᠭ᠎ᠠ ᠶᠢ ᠭᠥᠨᠳᠠᠵᠤ ᠭᠥᠳᠠᠯᠭᠡᠵᠥ ᠪᠤᠯᠬᠤ ᠥᠭᠡᠢ᠂ ᠨᠢᠰᠠᠯᠤᠭᠰᠠᠨ | ᠭᠠᠷ ᠢᠶᠠᠷ ᠢᠶᠠᠨ ᠱᠠᠭ᠎ᠠ ᠪᠠᠨ ᠲᠡᠭᠦᠵᠥ ᠠᠪᠴᠤ ᠪᠤᠯᠬᠤ ᠥᠭᠡᠢ ᠭᠡᠭᠦ ᠮᠠᠳᠤ᠃ | 3. ᠱᠠᠭ᠎ᠠ ᠰᠢᠭᠦᠷᠭᠦ᠄ ᠱᠠᠭ᠎ᠠ ᠰᠢᠭᠦᠷᠭᠦ ︵ᠪᠤᠶᠤ ᠠᠳᠬᠤᠬᠤ︶ ᠲᠤᠭᠯᠠᠭᠠᠮ ᠨᠢ ᠤᠷᠭᠢᠵᠥ ᠨᠠᠶᠢᠷᠠᠭᠰᠠᠨ ᠱᠠᠭ᠎ᠠ ᠶᠢ ᠢᠵᠢᠯ ᠲᠥᠷᠰᠥ ᠪᠠᠷ ᠨᠢ ᠠᠳᠬᠤᠬᠤ | ᠪᠤᠶᠤ ᠲᠤᠭᠳᠠᠭᠰᠠᠨ ᠲᠤᠭ᠎ᠠ ᠲᠠᠢ ᠠᠳᠬᠤᠵᠤ᠂ ᠠᠨᠳᠠᠭᠠᠶᠢᠢᠯᠠᠬᠤ᠂ ᠮᠢᠩᠭ᠎ᠠ ᠳᠤ ᠤᠷᠤᠯᠳᠤᠬᠤ᠂ ᠬᠤᠶᠠᠷ ᠴᠢᠭᠢ ᠰᠢᠭᠦᠷᠭᠦ᠂ ᠭᠤᠷᠪᠠᠯᠵᠢᠨ ᠨᠢᠳᠤ ᠪᠠ ᠵᠢᠷᠭᠤᠭᠠᠨ | ᠲᠠᠯ᠎ᠠ ᠲᠤᠪᠰᠢᠬᠤ ᠵᠠᠷᠭᠡ ᠤᠯᠠᠨ ᠵᠥᠢᠯ ᠢᠶᠠᠷ ᠨᠠᠭᠠᠳᠳᠠᠭ᠃ ᠢᠡᠭᠭᠢᠭᠦ ᠳᠤ ᠪᠠᠨ ᠤᠷᠭᠢᠵᠤ ᠨᠠᠶᠢᠷᠠᠭᠰᠠᠨ ᠱᠠᠭ᠎ᠠ ᠠᠴᠠ ᠢᠯᠭᠠᠭᠳᠠᠬᠤ ᠤᠨᠴᠠ ᠲᠠᠮᠳᠡᠭ ᠲᠠᠢ ᠱᠠᠭ᠎ᠠ ᠶᠢ | ᠲᠠᠭᠡᠭᠰᠢ ᠬᠠᠶᠠᠵᠤ᠂ ᠨᠠᠶᠢᠷᠠᠭᠰᠠᠨ ᠱᠠᠭ᠎ᠠ ᠪᠠᠨ ᠰᠢᠭᠦᠷᠤᠨ ᠠᠪᠴᠤ᠂ ᠲᠡᠭᠡᠭᠰᠢ ᠬᠠᠶᠠᠭᠰᠠᠨ ᠱᠠᠭ᠎ᠠ ᠶᠢ ᠪᠠᠭᠤᠵᠤ ᠢᠷᠡᠭᠦ ᠳᠤ ᠨᠢ ᠭᠠᠵᠠᠷ ᠲᠤᠰᠬᠠᠬᠤ ᠥᠭᠡᠢ | ᠬᠠᠮᠳᠤ ᠳᠤ ᠨᠢ ᠠᠳᠬᠤᠨ ᠠᠪᠳᠠᠭ᠃ ᠵᠠᠷᠢᠮ ᠭᠠᠵᠠᠷ ᠱᠠᠭ᠎ᠠ ᠰᠢᠭᠦᠷᠭᠦ ᠳᠤ ᠪᠠᠨ ᠵᠢᠵᠢᠭ ᠲᠠᠮᠤᠷ ᠴᠠᠭᠠᠷᠢᠭ ᠢ ᠭᠡᠯᠭᠢᠭᠡᠳ ︽ᠰᠤᠮᠤ︾ ᠪᠤᠶᠤ ︽ᠰᠠᠮᠪᠡᠭ︾ ᠭᠡᠵᠥ | ᠨᠠᠷᠠᠯᠡᠭᠡᠳ ᠲᠡᠭᠦᠨ ᠢᠶᠠᠨ ᠲᠡᠭᠡᠭᠰᠢ ᠬᠠᠶᠠᠳᠠᠭ᠃ ᠥᠢᠷ᠎ᠠ ᠥᠶ᠎ᠠ ᠳᠤ ᠪᠥᠮᠪᠦᠭᠡ ᠪᠤᠶᠤ ᠵᠢᠵᠢᠭ ᠤᠭᠤᠳᠠ ᠤᠶᠤᠭᠠᠳ ᠲᠡᠭᠦᠨ ᠢᠶᠠᠨ ᠲᠡᠭᠡᠭᠰᠢ ᠬᠠᠶᠠᠵᠤ᠂ ᠱᠠᠭ᠎ᠠ | ᠰᠢᠭᠦᠷᠤᠨ ᠨᠠᠭᠠᠳᠬᠤ ᠪᠤᠯᠵᠠᠢ᠃ | 4. ᠭᠡᠭᠦᠥ ᠰᠠᠭᠠᠬᠤ ᠲᠤᠭᠯᠠᠭᠠᠮ ᠄ ᠲᠤᠰ ᠲᠤᠭᠯᠠᠭᠠᠮ ᠨᠢ ᠬᠤᠶᠠᠷ ᠪᠤᠶᠤ ᠭᠤᠷᠪᠠᠨ ᠱᠠᠭ᠎ᠠ ᠠᠳᠬᠤᠵᠤ᠂ ᠲᠡᠭᠡᠭᠰᠢ ᠪᠠᠨ ᠰᠤᠯᠪᠢᠴᠠᠭᠤᠯᠤᠨ ᠬᠠᠶᠠᠭᠠᠳ | ᠨᠢᠭᠡ ᠭᠠᠷ ᠢᠶᠠᠷ ᠢᠶᠠᠨ ᠲᠤᠰᠤᠨ ᠠᠪᠬᠤ ᠪᠤᠶᠤ ᠬᠤᠶᠠᠷ ᠭᠠᠷ ᠲᠤ ᠪᠠᠨ ᠲᠡᠭᠰᠢ ᠠᠳᠬᠤᠭᠰᠠᠨ ᠱᠠᠭ᠎ᠠ ᠪᠠᠨ ᠲᠤᠰ ᠲᠤᠰ ᠲᠤ ᠨᠢ ᠲᠡᠭᠡᠭᠰᠢ ᠪᠠᠨ ᠰᠤᠯᠪᠢᠴᠠᠭᠤᠯᠤᠨ | ᠬᠠᠶᠠᠵᠤ ᠲᠤᠭᠯᠠᠬᠤ ᠶᠢ ᠭᠡᠯᠡᠨ᠎ᠠ᠃ ᠵᠠᠷᠢᠮ ᠳᠤ ᠪᠠᠨ ᠪᠠᠰᠠ ᠬᠤᠶᠠᠷ ᠭᠠᠷ ᠤᠨ ᠱᠠᠭ᠎ᠠ ᠪᠠᠨ ᠬᠠᠷᠢᠯᠴᠠᠨ ᠰᠤᠯᠪᠢᠴᠠᠭᠤᠯᠤᠨ ᠲᠤᠰᠤᠨ ᠠᠪᠴᠤ ᠲᠤᠭᠯᠠᠵᠤ ᠴᠤ | ᠨᠠᠭᠠᠳᠳᠠᠭ᠃ ᠡᠶᠢᠨᠬᠦ ᠲᠤᠭᠯᠠᠵᠤ ᠪᠠᠶᠢᠭ᠎ᠠ ᠪᠠᠶᠢᠳᠠᠯ ᠨᠢ ᠭᠡᠭᠦᠥ ᠰᠠᠭᠠᠵᠤ ᠪᠠᠶᠢᠭ᠎ᠠ ᠲᠠᠢ ᠠᠳᠠᠯᠢᠪᠳᠤᠷ ᠬᠠᠷᠠᠭᠳᠠᠳᠠᠭ ᠠᠴᠠ ᠢᠡᠭᠭᠢᠵᠥ ᠨᠠᠷᠠᠯᠡᠭᠰᠡᠨ ᠶᠤᠮ᠃ ᠡᠨᠡ | ᠲᠤᠭᠯᠠᠭᠠᠮ ᠢ ᠬᠤᠶᠠᠷ ᠠᠴᠠ ᠲᠡᠭᠡᠭᠰᠢ ᠭᠥᠮᠥᠨ ᠲᠤᠭᠯᠠᠳᠠᠭ᠃ ᠲᠡᠭᠡᠭᠦ ᠳᠤ ᠪᠠᠨ ᠱᠠᠭ᠎ᠠ ᠪᠠᠨ ᠭᠥᠮᠥᠨ ᠪᠥᠷᠢ ᠲᠡᠭᠰᠢ ᠬᠤᠪᠢᠶᠠᠵᠤ ᠠᠪᠤᠭᠠᠳ ᠨᠠᠭᠠᠳᠳᠠᠭ᠃ ᠭᠡᠨ ᠨᠢ | ᠠᠯᠳᠠᠬᠤ ᠥᠭᠡᠢ ᠪᠠᠷ ᠤᠳᠠᠭᠠᠨ ᠪᠥᠭᠡᠳ ᠤᠯᠠᠨ ᠬᠠᠶᠠᠵᠤ ᠬᠠᠮᠤᠭ ᠲᠥᠷᠥᠭᠦᠨ ᠳᠤ ᠲᠤᠭᠳᠠᠭᠰᠠᠨ ᠪᠠᠷᠢᠮᠵᠢᠶᠠᠨ ᠳᠤ ᠪᠠᠨ ᠭᠥᠷᠭᠡᠪᠠᠯ ᠪᠤᠰᠤᠳ ᠨᠢ ᠨᠢᠭᠡ ᠨᠢᠭᠡ | ᠱᠠᠭ᠎ᠠ ᠪᠠᠷ ᠱᠠᠩ ᠥᠭᠭᠦᠨ᠎ᠠ᠃ ᠭᠡᠳᠥᠢ ᠱᠠᠭ᠎ᠠ ᠪᠠᠷ ᠪᠠᠷᠢᠮᠵᠢᠶ᠎ᠠ ᠪᠤᠯᠭᠠᠬᠤ ᠨᠢ ᠠᠳᠠᠯᠢ ᠥᠭᠡᠢ᠂ ᠨᠠᠭᠠᠳᠤᠮ ᠤᠨ ᠡᠭᠢᠨ ᠳᠤ ᠶᠠᠷᠢᠯᠴᠠᠨ ᠲᠤᠭᠳᠠᠳᠠᠭ᠃ ᠱᠠᠭ᠎ᠠ ᠪᠠᠨ | ᠥᠭᠴᠤ ᠪᠠᠷᠠᠪᠠᠯ ᠲᠤᠭᠯᠠᠬᠤ ᠡᠷᠭᠡ ᠪᠠᠨ ᠬᠠᠰᠤᠭᠳᠠᠳᠠᠭ᠃ ᠢᠡᠭᠭᠢᠵᠥ ᠨᠢᠭᠡ ᠨᠢᠭᠡ ᠪᠠᠷ ᠬᠠᠰᠤᠭᠳᠠᠭᠰᠠᠭᠠᠷ ᠪᠠᠶᠢᠭᠠᠳ ᠬᠠᠮᠤᠭ ᠰᠡᠭᠦᠯ ᠳᠤ ᠪᠥᠭᠦ ᠱᠠᠭ᠎ᠠ ᠨᠢᠭᠡ ᠯᠠ | ᠭᠥᠮᠥᠨ ᠤ ᠭᠠᠷ ᠲᠤ ᠴᠤᠭᠯᠠᠷᠠᠵᠤ ᠢᠯᠠᠵᠤ ᠢᠯᠠᠭᠳᠠᠭᠰᠠᠨ ᠨᠢ ᠢᠯᠭᠠᠷᠠᠳᠠᠭ᠃ | 5. ᠬᠠᠯᠵᠠ ᠬᠠᠷᠪᠤᠬᠤ ᠲᠤᠭᠯᠠᠭᠠᠮ ᠄ ᠮᠤᠳᠤ ᠪᠤᠶᠤ ᠵᠡᠭᠡᠷ᠎ᠠ ᠶᠢᠨ ᠰᠢᠯᠪᠢ ᠶᠢᠨ ᠶᠠᠰᠤ ᠶᠢ ᠭᠤᠪᠢᠯ ᠭᠠᠷᠭᠠᠵᠤ ︽ᠰᠠᠬᠤ︾ ᠭᠡᠵᠥ ᠨᠡᠷᠡᠯᠡᠭᠦ ᠪᠠ ᠱᠠᠭ᠎ᠠ ᠶᠢ | ᠨᠥᠭᠡᠯᠡᠵᠤ ᠲᠤᠭᠤᠯᠭ᠎ᠠ ᠴᠢᠳᠬᠤᠭᠰᠠᠨ ᠢᠶᠠᠨ ︽ᠰᠤᠮᠤ︾ ᠭᠡᠳᠡᠭ᠃ ᠢᠡᠭᠭᠢᠭᠡᠳ ᠵᠤᠭᠢᠬᠤ ᠵᠠᠢ ᠳᠤ ᠱᠠᠭ᠎ᠠ ᠶᠢ ᠵᠠᠷᠭᠡᠴᠡᠭᠦᠯᠥᠨ ᠲᠠᠯᠪᠢᠵᠥ᠂ ︽ᠰᠠᠬᠤ︾ ᠪᠠᠷ ᠢᠶᠠᠨ | ᠬᠠᠷᠪᠤᠳᠠᠭ᠃ ᠭᠡᠨ ᠨᠢ ᠤᠯᠠᠨ ᠤᠨᠤᠭᠠᠪᠠᠯ ᠲᠠᠷᠠ ᠨᠢ ᠢᠯᠠᠭᠰᠠᠨ ᠢᠶᠠᠷ ᠪᠤᠳᠤᠨ᠎ᠠ᠃ ᠡᠨᠡ ᠨᠢ ᠤᠨᠤᠪᠴᠢ ᠰᠢᠯᠭᠠᠬᠤ ᠵᠤᠷᠢᠯᠭ᠎ᠠ ᠲᠠᠢ ᠪᠥᠭᠡᠳ ᠮᠤᠩᠭᠤᠯᠴᠤᠳ ᠤᠨ | ᠡᠷ᠎ᠠ ᠶᠢᠨ ᠭᠤᠷᠪᠠᠨ ᠨᠠᠭᠠᠳᠤᠮ ᠤᠨ ᠨᠢᠭᠡ ᠪᠤᠯᠬᠤ ᠰᠤᠷ ᠬᠠᠷᠪᠤᠯᠳᠠ ᠶᠢᠨ ᠶᠤᠰᠤ ᠶᠢ ᠵᠢᠷᠤᠮᠯᠠᠭᠰᠠᠨ ᠲᠤᠭᠯᠠᠭᠠᠮ ᠪᠤᠯᠤᠨ᠎ᠠ᠃ | 6. ᠲᠥᠷᠪᠡᠨ ᠪᠡᠷᠭᠡ ᠲᠤᠭᠯᠠᠭᠠᠮ ᠄ ᠲᠥᠷᠪᠡᠨ ᠱᠠᠭ᠎ᠠ ᠤᠷᠭᠢᠵᠥ᠂ ᠬᠤᠨᠢ᠂ ᠢᠮᠠᠭ᠎ᠠ᠂ ᠮᠤᠷᠢ᠂ ᠲᠠᠮᠡᠭᠡ ᠭᠡᠭᠦ ᠲᠥᠷᠪᠡᠨ ᠥᠭᠡᠷ᠎ᠠ ᠲᠥᠷᠰᠥ | ᠲᠤᠰᠬᠬᠠᠤ ᠶᠢ ᠡᠶᠢᠨᠬᠦ ᠨᠠᠷᠠᠯᠡᠳᠡᠭ᠃ ᠢᠡᠭᠭᠢᠵᠥ ᠠᠳᠠᠯᠢ ᠪᠤᠰᠤ ᠲᠥᠷᠪᠡᠨ ᠲᠥᠷᠰᠥ ᠲᠤᠰᠬᠤ ᠨᠢ ᠬᠤᠪᠤᠷ ᠲᠤᠭᠢᠶᠠᠯᠳᠤᠳᠠᠭ ᠲᠤᠯᠨ ᠴᠠᠭᠠᠨ ᠰᠠᠷ᠎ᠠ ᠶᠢᠨ ᠰᠢᠨ᠎ᠠ ᠶᠢᠨ | ᠨᠢᠭᠡᠨ ᠤ ᠥᠷᠯᠥᠭᠡ ᠰᠢᠨ᠎ᠠ ᠶᠢᠨ ᠵᠤᠯᠭᠠᠯᠳᠠ ᠶᠢᠨ ᠲᠠᠷᠠᠭ᠎ᠠ᠂ ᠲᠥᠷᠪᠡᠨ ᠪᠡᠷᠭᠡ ᠪᠠᠭᠤᠯᠭᠠᠬᠤ ᠲᠤᠭᠯᠠᠭᠠᠮ ᠲᠤᠭᠯᠠᠳᠠᠭ ᠵᠠᠩᠰᠢᠯ ᠲᠠᠢ᠃ | 7. ᠲᠥᠷᠪᠡᠨ ᠡᠷᠳᠠᠨᠢ ᠲᠤᠭᠯᠠᠬᠤ ᠄ ᠡᠨᠡ ᠪᠤᠯ ᠭᠤᠷᠪᠠᠨ ᠱᠠᠭ᠎ᠠ ᠤᠷᠭᠢᠵᠥ᠂ ᠭᠤᠷᠪᠠᠭᠤᠯᠨ ᠪᠠᠨ ᠢᠵᠢᠯ ᠲᠥᠷᠰᠤ ᠲᠤᠰᠬᠤ ᠲᠤᠭᠯᠠᠭᠠᠮ ᠶᠤᠮ᠃ | ᠢᠡᠭᠭᠢᠭᠡᠳ ᠭᠤᠷᠪᠠᠨ ᠮᠤᠷᠢ ᠲᠤᠰᠪᠠᠯ ᠠᠯᠳᠠᠨ ᠡᠷᠳᠠᠨᠢ᠂ ᠭᠤᠷᠪᠠᠨ ᠬᠤᠨᠢ ᠪᠤᠯ ᠮᠥᠡᠭᠭᠦᠨ ᠡᠷᠳᠠᠨᠢ᠂ ᠭᠤᠷᠪᠠᠨ ᠢᠮᠠᠭ᠎ᠠ ᠪᠤᠯ ᠱᠢᠷᠥᠨ ᠡᠷᠳᠠᠨᠢ᠂ ᠭᠤᠷᠪᠠᠨ ᠲᠠᠮᠡᠭᠡ | ᠪᠤᠯ ᠰᠤᠪᠤᠳ ᠡᠷᠳᠠᠨᠢ ᠭᠡᠳᠡᠭ᠃ | 8. ᠲᠤᠭᠤᠢ ᠲᠤᠯᠤᠭ᠎ᠠ ᠨᠢᠰᠠᠯᠵᠤ ᠲᠤᠭᠯᠠᠬᠤ ᠄ ᠡᠨᠡ ᠨᠢ ᠲᠤᠯᠤᠭᠠᠨ ᠱᠠᠭ᠎ᠠ ᠤᠷᠭᠢᠵᠥ᠂ ᠢᠵᠢᠯ ᠲᠥᠷᠰᠥ ᠪᠠᠷ ᠨᠢ ᠨᠢᠰᠠᠯᠬᠤ ᠨᠠᠭᠠᠳᠤᠮ ᠶᠤᠮ᠃ | ᠢᠡᠭᠭᠢᠵᠥ ᠨᠠᠭᠠᠳᠬᠤ ᠳᠤ ᠪᠠᠨ ᠱᠠᠭ᠎ᠠ ᠤᠷᠭᠢᠬᠤ᠂ ᠱᠠᠭ᠎ᠠ ᠨᠢᠰᠠᠯᠵᠤ ᠪᠠᠶᠢᠭ᠎ᠠ ᠭᠥᠮᠥᠨ ᠥᠭᠡ ᠶᠠᠷᠢᠵᠥ ᠪᠤᠯᠬᠤ ᠥᠭᠡᠢ᠂ ᠭᠡᠷᠪᠠ ᠲᠤᠤᠭᠠᠷᠪᠠᠯ ᠲᠥᠷᠢᠮ | ᠵᠥᠷᠢᠴᠡᠭᠰᠡᠨ ᠳᠤ ᠲᠤᠭᠠᠴᠠᠵᠤ᠂ ᠲᠠᠷᠠᠭᠠᠴᠢ ᠶᠢᠨ ᠡᠭᠡᠯᠵᠢᠨ ᠳᠤ ᠪᠠᠨ ᠰᠢᠯᠵᠢᠭᠦᠯᠳᠡᠭ᠃ ᠲᠤᠯᠤᠭᠠᠨ ᠱᠠᠭ᠎ᠠ ᠶᠢ ᠲᠤᠯᠤᠭᠠᠨ ᠡᠭᠡᠯᠵᠢᠨ ᠳᠤ ᠥᠭᠡ ᠲᠤᠤᠭᠠᠷᠤᠭᠰᠠᠨ | ᠥᠭᠡᠢ ᠨᠢᠰᠠᠯᠤᠭᠰᠠᠨ ᠭᠥᠮᠥᠨ ᠢ ᠱᠥᠭᠦᠭᠰᠡᠨ ᠳᠤ ᠪᠤᠳᠤᠳᠠᠭ᠃ | 9. ᠢᠡᠭᠭᠡ ᠪᠤᠳᠤᠭᠤᠯᠠᠭᠤᠯᠬᠤ ᠲᠤᠭᠯᠠᠭᠠᠮ ᠄ ᠵᠤᠭᠢᠬᠤ ᠲᠤᠭ᠎ᠠ ᠲᠠᠢ ᠱᠠᠭ᠎ᠠ ᠤᠷᠭᠢᠵᠥ᠂ ᠲᠠᠮᠡᠭᠡ᠂ ᠬᠤᠨᠢ ᠲᠤᠰᠤᠭᠰᠠᠨ ᠢ ᠨᠢ ᠲᠡᠭᠦᠵᠥ ᠠᠪᠤᠭᠠᠳ᠂ | ᠲᠠᠮᠡᠭᠡ ᠪᠠᠨ ᠨᠢᠭᠡ ᠱᠠᠭ᠎ᠠ ᠶᠢᠨ ᠵᠠᠢ ᠲᠠᠢ ᠪᠠᠷ ᠵᠤᠭᠰᠤᠭᠠᠨ᠎ᠠ᠃ ᠬᠤᠨᠢ ᠶᠢ ᠨᠢ ᠲᠠᠮᠡᠭᠡ ᠠᠴᠠ ᠲᠥᠭᠡ ᠭᠢᠷᠢ ᠵᠠᠢ ᠳᠤ ᠵᠤᠭᠰᠤᠭᠠᠵᠤ᠂ ᠬᠤᠨᠢ ᠪᠠᠷ ᠢᠶᠠᠨ ᠲᠠᠮᠡᠭᠡ ᠶᠢ | ᠬᠠᠷᠠᠯᠳᠠ ᠪᠤᠯᠭᠠᠨ ᠨᠢᠰᠠᠯᠬᠤ ᠳᠤ ᠨᠢ ᠬᠤᠶᠠᠭᠤᠯᠨ ᠪᠠᠨ ᠲᠠᠮᠡᠭᠡ ᠪᠤᠯᠵᠤ ᠪᠤᠰᠪᠠᠯ᠂ ᠲᠠᠮᠡᠭᠡ ᠪᠤᠳᠤᠭᠤᠯᠠᠪᠠ ᠭᠡᠵᠥ ᠲᠡᠭᠦᠵᠥ ᠠᠪᠳᠠᠭ᠃ ᠲᠡᠮᠡᠭᠡ ᠪᠤᠰᠬᠠᠵᠤ ᠲᠠᠶᠢᠯᠭᠦ | ᠥᠭᠡᠢ ᠪᠤᠯ ᠥᠷᠭᠦᠯᠵᠢᠯᠡᠨ ᠤᠷᠭᠢᠵᠥ ᠨᠠᠭᠠᠳᠤᠨ᠎ᠠ᠃ ᠢᠡᠭᠭᠢᠭᠡᠳ ᠭᠡᠨ ᠨᠢ ᠤᠯᠠᠨ ᠲᠠᠮᠡᠭᠡ ᠪᠤᠰᠬᠠᠪᠠᠯ ᠲᠠᠷᠠ ᠨᠢ ᠱᠥᠭᠦᠳᠡᠭ᠃ | 10. ᠱᠠᠭ᠎ᠠ ᠲᠤᠭᠯᠠᠭᠠᠮ ᠤᠨ ᠲᠥᠷᠥᠯ ᠵᠥᠢᠯ ᠄ ᠱᠠᠭ᠎ᠠ ᠲᠤᠭᠯᠠᠭᠠᠮ ᠤᠨ ᠲᠥᠷᠥᠯ ᠵᠥᠢᠯ ᠮᠠᠰᠢ ᠤᠯᠠᠨ ᠪᠠᠶᠢᠳᠠᠭ᠃ ᠠᠳᠠᠯᠢ ᠪᠤᠰᠤ ᠭᠠᠵᠠᠷ | ᠤᠷᠤᠨ ᠳᠤ ᠶᠠᠩᠵᠤ ᠪᠥᠷᠢ ᠪᠠᠷ ᠨᠠᠭᠠᠳᠴᠤ᠂ ᠱᠠᠭ᠎ᠠ ᠲᠤᠭᠯᠠᠭᠠᠮ ᠤᠨ ᠲᠥᠷᠥᠯ ᠵᠥᠢᠯ ᠢ ᠨᠠᠩ ᠪᠠᠶᠠᠯᠢᠬᠵᠢᠭᠤᠯᠤᠭᠰᠠᠨ ᠪᠠᠶᠢᠳᠠᠭ᠃ ᠤᠯᠤᠰ ᠤᠨ ᠲᠤᠳᠤᠭᠠᠳᠤ | ᠭᠠᠳᠠᠭᠠᠳᠤ ᠳᠤ ᠭᠡᠪᠯᠡᠭᠳᠡᠭᠰᠡᠨ ᠨᠤᠮ ᠵᠤᠭᠢᠶᠠᠯ ᠤᠳ ᠲᠤ ᠱᠠᠭ᠎ᠠ ᠲᠤᠭᠯᠠᠭᠠᠮ ᠤᠨ ᠲᠥᠷᠥᠯ ᠵᠥᠢᠯ ᠢ ᠤᠯᠠᠨ ᠬᠤᠪᠢᠯᠪᠤᠷᠢ ᠪᠠᠷ ᠲᠠᠨᠢᠯᠴᠠᠭᠤᠯᠤᠭᠰᠠᠨ ᠶᠤᠮ᠃ | ᠡᠭᠦᠨ ᠳᠤ᠂ ᠳ᠋᠊ · ᠴᠠᠭᠠᠨ ᠤ ︽ᠮᠤᠩᠭᠤᠯ ᠭᠥᠮᠥᠨ ᠤ ᠢᠵᠠᠭᠤᠷ ᠲᠤᠭᠯᠠᠭᠠᠮ — ᠱᠠᠭ᠎ᠠ︾ ᠭᠡᠭᠦ ᠪᠥᠳᠥᠭᠡᠯ ᠳᠤ 140 ᠲᠥᠷᠥᠯ ᠢ ᠰᠤᠩᠭᠤᠵᠤ | ᠲᠠᠨᠢᠯᠴᠠᠭᠤᠯᠤᠭᠰᠠᠨ ᠪᠠᠶᠢᠨ᠎ᠠ᠃ ᠡ᠊ᠨᠳᠠ ᠱᠠᠭ᠎ᠠ ᠲᠤᠭᠯᠠᠭᠠᠮ ᠤᠨ ᠲᠥᠷᠥᠯ ᠵᠥᠢᠯ ᠤᠳ ᠠᠴᠠ ᠲᠥᠭᠡᠮᠡᠯ ᠲᠠᠯᠭᠡᠷᠡᠭᠰᠡᠨ ᠤᠨᠴᠠᠯᠢᠬᠳᠤ ᠵᠥᠢᠯᠠᠰ ᠢ ᠰᠤᠩᠭᠤᠵᠤ᠂ | ᠱᠠᠭᠠᠯᠴᠠᠬᠤ ᠠᠭᠤᠯᠭ᠎ᠠ ᠴᠢᠭᠯᠡᠯ ᠢᠶᠠᠷ ᠨᠢ ᠥᠢᠯᠠᠳᠪᠤᠷᠢᠯᠠᠯ ᠠᠮᠢᠳᠤᠷᠠᠯ ᠤᠨ ᠤᠨᠴᠠᠯᠢᠭ ᠲᠠᠢ ᠱᠠᠭ᠎ᠠ ᠲᠤᠭᠯᠠᠭᠠᠮ᠂ ᠵᠥᠩ ᠪᠡᠯᠭᠡᠳᠠᠯ ᠤᠨ ᠰᠢᠨᠵᠢ ᠲᠠᠢ ᠱᠠᠭ᠎ᠠ | ᠲᠤᠭᠯᠠᠭᠠᠮ᠂ ᠤᠬᠠᠭᠠᠨ ᠪᠢᠯᠢᠭ ᠰᠤᠷᠢᠯᠴᠠᠬᠤ ᠱᠠᠭ᠎ᠠ ᠲᠤᠭᠯᠠᠭᠠᠮ ᠭᠡᠭᠦ ᠭᠤᠷᠪᠠᠨ ᠠᠩᠭᠢᠯᠠᠯ ᠳᠤ ᠬᠤᠪᠢᠶᠠᠵᠤ ᠲᠠᠨᠢᠯᠴᠠᠭᠤᠯᠪᠠ᠃ | 11. ᠠᠵᠠ ᠶᠢᠨ ᠭᠠᠭᠴᠠ ᠲᠤᠭᠯᠠᠬᠤ ᠄ ᠡᠭᠦᠨ ᠢ ᠭᠠᠭᠴᠠ ᠱᠠᠭ᠎ᠠ ᠪᠠᠷ ᠨᠠᠭᠠᠳᠴᠤ᠂ ᠤᠷᠤᠯᠴᠠᠭᠰᠠᠨ ᠭᠥᠮᠥᠰ ᠡᠭᠡᠯᠵᠢᠯᠠᠨ ᠤᠷᠭᠢᠳᠠᠭ᠃ ᠭᠡᠨ ᠨᠢ | ᠤᠷᠢᠳᠠᠪᠠᠷ ᠮᠤᠷᠢ ᠪᠤᠰᠬᠠᠪᠠᠯ ᠲᠠᠷᠠ ᠭᠥᠮᠥᠨ ᠠᠵᠠ ᠲᠠᠢ᠂ ᠭᠡᠶᠢᠮᠤᠷᠢ ᠰᠠᠷᠭᠦᠭᠰᠡᠨ ᠭᠡᠳᠡᠭ᠃ ᠢᠯᠠᠩᠭᠤᠶ᠎ᠠ ᠮᠤᠷᠢ ᠨᠢ ᠤᠷᠭᠢᠭᠰᠠᠨ ᠡᠵᠠᠨ ᠤ ᠪᠠᠨ ᠥᠭᠡᠳᠠ ᠬᠠᠨᠳᠤᠨ | ᠲᠤᠰᠤᠭᠰᠠᠨ ᠪᠤᠯ ᠵᠢᠩᠭᠢᠨᠢ ᠠᠵᠠ ᠶᠢᠨ ᠱᠥᠭᠦᠯᠳᠠ ᠭᠡᠵᠥ ᠲᠤᠩ ᠡᠷᠭᠢᠮᠯᠠᠳᠡᠭ᠃ | 12. ᠪᠥᠭᠡ ᠪᠠᠷᠢᠯᠳᠤᠭᠤᠯᠬᠤ ᠲᠤᠭᠯᠠᠭᠠᠮ᠄ ᠱᠠᠭ᠎ᠠ ᠨᠠᠭᠠᠳᠬᠤ ᠭᠥᠮᠥᠨ ᠥᠪᠡᠷᠰᠠᠳ ᠤᠨ ᠱᠠᠭ᠎ᠠ ᠪᠠᠨ ᠠᠷᠪᠠᠨ ᠵᠢᠷᠭᠤᠭ᠎ᠠ᠂ ᠭᠤᠴᠢᠨ ᠬᠤᠶᠠᠷ᠂ ᠵᠢᠷᠠᠨ | ᠲᠥᠷᠪᠡ᠂ ᠵᠠᠭᠤ ᠬᠤᠷᠢᠨ ᠨᠠᠶᠢᠮᠠ ᠭᠡᠭᠦ ᠮᠠᠳᠤ ᠪᠠᠷ ᠲᠡᠭᠰᠢ ᠨᠤᠭᠳᠠᠪᠤᠷᠢᠳᠤ ᠲᠤᠭ᠎ᠠ ᠪᠠᠷ ᠲᠤᠰᠪᠤᠷᠢ ᠵᠠᠷᠭᠡᠴᠡᠭᠦᠯᠥᠨ ᠵᠢᠭᠰᠠᠭᠠᠵᠤ᠂ ᠪᠠᠷᠢᠯᠳᠤᠭᠤᠯᠬᠤ ᠪᠥᠭᠡ ᠪᠠᠨ | ᠲᠠᠮᠳᠡᠭ ᠲᠠᠯᠪᠢᠵᠥ ᠨᠠᠶᠢᠯᠡᠭᠦᠯᠥᠨ ᠤᠷᠭᠢᠨᠠ᠃ ᠤᠷᠭᠢᠯᠳᠠ ᠳᠤ ᠭᠡᠨ ᠤ ᠭᠢᠨᠢ ᠱᠠᠭ᠎ᠠ ᠮᠤᠷᠢ ᠲᠤᠰᠪᠠᠯ ᠲᠠᠪᠠᠭᠰᠠᠨ ᠳᠤ ᠲᠤᠭᠠᠴᠠᠵᠤ᠂ ᠨᠥᠭᠦᠭᠡ ᠡᠳᠡᠭᠡᠳ ᠤᠨ ᠢᠶᠠᠨ | ᠵᠢᠭᠰᠠᠭᠠᠭᠰᠠᠨ ᠪᠥᠭᠡ ᠶᠢ ᠬᠠᠰᠤᠳᠠᠭ᠃ ᠢᠡᠭᠭᠢᠵᠥ ᠨᠤᠭᠤᠯᠤᠭ᠎ᠠ ᠪᠥᠷᠢ ᠳᠤ ᠲᠠᠪᠠᠭᠰᠠᠨ ᠪᠥᠭᠡ ᠨᠢ ᠬᠤᠴᠤᠷᠤᠭᠰᠠᠭᠠᠷ ᠲᠠᠷᠢᠭᠦᠨ᠂ ᠲᠠᠳ᠋ ᠢᠶᠠᠨ ᠰᠢᠯᠭᠠᠷᠠᠭᠤᠯᠳᠠᠭ᠃ | ᠡᠨᠡ ᠲᠤᠭᠯᠠᠭᠠᠮ ᠨᠢ ᠮᠤᠩᠭᠤᠯ ᠪᠥᠭᠡ ᠶᠢᠨ ᠵᠢᠷᠤᠮ ᠶᠤᠰᠤ ᠶᠢ ᠮᠥᠷᠳᠡᠭᠰᠡᠨ ᠪᠤᠯᠬᠤᠷ᠂ ᠢᠶᠢᠨ ᠭᠦ ᠨᠠᠷᠠᠯᠡᠭᠰᠡᠨ ᠪᠢᠯᠨ᠃ | 13. ᠠᠷᠤᠭᠠ ᠱᠠᠭ᠎ᠠ ᠄ ᠪᠤᠭᠤ᠂ ᠲᠠᠮᠡᠭᠡ᠂ ᠥᠭᠡᠷ ᠤᠨ ᠱᠠᠭ᠎ᠠ ᠶᠢ ᠵᠠᠰᠠᠵᠤ᠂ ᠬᠤᠳᠤᠭᠤᠷ ᠲᠤ ᠨᠢ ᠲᠤᠭᠤᠯᠭ᠎ᠠ ᠴᠢᠳᠬᠤᠭᠰᠠᠨ ᠢᠶᠠᠨ ᠠᠷᠤᠭᠠ ᠱᠠᠭ᠎ᠠ | ᠪᠤᠶᠤ ᠠᠷᠭᠠᠢ ᠭᠡᠳᠡᠭ᠃ ᠢᠡᠭᠭᠢᠭᠡᠳ ᠡᠪᠤᠯ ᠤᠨ ᠤᠯᠠᠷᠢᠯ ᠮᠥᠰᠥᠨ ᠲᠡᠭᠡᠷ᠎ᠠ ᠨᠠᠭᠠᠳᠳᠠᠭ᠃ ᠡᠨᠡ ᠨᠢ ᠭᠥᠮᠥᠰ ᠤᠨ ᠬᠠᠳᠠᠭᠤᠵᠢᠯ ᠲᠠᠰᠪᠤᠷᠢ᠂ ᠤᠷᠠᠨ ᠰᠠᠮᠪᠠᠭ᠎ᠠ᠂ | ᠤᠬᠠᠭᠠᠨ ᠪᠢᠯᠢᠭ ᠢ ᠰᠤᠷᠢᠭᠰᠠᠨ ᠰᠢᠨᠵᠢ ᠲᠠᠢ ᠪᠥᠭᠡᠳ ᠭᠡᠶᠢᠮᠤᠷᠢ ᠪᠠᠨ ᠰᠠᠷᠭᠦᠭᠡᠨᠠ ᠭᠡᠵᠥ ᠶᠢᠰᠥ ᠡᠭᠢᠯᠡᠭᠦ ᠥᠶ᠎ᠠ ᠪᠠᠷ ᠨᠠᠭᠠᠳᠬᠤ ᠵᠠᠩᠰᠢᠯ ᠲᠠᠢ᠃ | 14.ᠭᠡᠶᠢᠮᠤᠷᠢ ᠰᠠᠷᠭᠦᠭᠡᠭᠦ ᠲᠤᠭᠯᠠᠭᠠᠮ ᠄ ᠭᠡᠶᠢᠮᠤᠷᠢ ᠰᠡᠷᠭᠦᠭᠡᠭᠦ ᠱᠠᠭ᠎ᠠ ᠲᠤᠭᠯᠠᠭᠠᠮ ᠬᠤᠶᠠᠷ ᠵᠥᠢᠯ ᠪᠠᠶᠢᠳᠠᠭ᠃ ᠨᠢᠭᠡ ᠵᠥᠢᠯ ᠨᠢ ᠤᠯᠠᠨ ᠱᠠᠭ᠎ᠠ ᠶᠢ | ᠡᠭᠡᠯᠵᠢ ᠪᠠᠷ ᠤᠷᠭᠢᠵᠥ᠂ ᠮᠤᠷᠢ ᠪᠤᠰᠤᠭᠰᠠᠨ ᠢ ᠨᠢ ᠲᠡᠭᠦᠵᠥ ᠠᠪᠤᠭᠠᠳ᠂ ᠭᠡᠶᠢᠮᠤᠷᠢ ᠪᠠᠨ ᠠᠳᠠᠯᠢᠳᠬᠠᠬᠤ︔ ᠨᠥᠭᠦᠭᠡ ᠵᠥᠢᠯ ᠨᠢ ᠨᠠᠭᠠᠳᠬᠤ ᠭᠥᠮᠥᠰ | ᠲᠤᠰᠪᠤᠷᠢ ᠳᠤ ᠪᠠᠨ ᠨᠢᠭᠡ ᠱᠠᠭ᠎ᠠ ᠶᠢ ᠭᠡᠶᠢᠮᠤᠷᠢ ᠶᠢᠨ ᠱᠠᠭ᠎ᠠ ᠪᠠᠷ ᠲᠤᠭᠳᠠᠭᠠᠭᠠᠳ ᠲᠡᠳᠡᠭᠡᠷ ᠢᠶᠠᠨ ᠨᠠᠶᠢᠯᠡᠭᠦᠯᠵᠥ ᠤᠷᠭᠢᠨ ᠭᠡᠶᠢᠮᠤᠷᠢ ᠪᠠᠨ ᠰᠢᠯᠭᠠᠳᠠᠭ᠃ | 15.ᠲᠤᠭᠤᠢ ᠲᠤᠯᠤᠭ᠎ᠠ ᠨᠢᠰᠠᠯᠵᠤ ᠲᠤᠭᠯᠠᠬᠤ ᠄ ᠡᠨᠡ ᠨᠢ ᠲᠤᠯᠤᠭᠠᠨ ᠱᠠᠭ᠎ᠠ ᠤᠷᠭᠢᠵᠥ᠂ ᠢᠵᠢᠯ ᠲᠥᠷᠰᠥ ᠪᠠᠷ ᠨᠢ ᠨᠢᠰᠠᠯᠬᠤ ᠨᠠᠭᠠᠳᠤᠮ ᠶᠤᠮ᠃ | ᠢᠡᠭᠭᠢᠵᠥ ᠨᠠᠭᠠᠳᠬᠤ ᠳᠤ ᠪᠠᠨ ᠱᠠᠭ᠎ᠠ ᠤᠷᠭᠢᠬᠤ᠂ ᠱᠠᠭ᠎ᠠ ᠨᠢᠰᠠᠯᠵᠤ ᠪᠠᠶᠢᠭ᠎ᠠ ᠭᠥᠮᠥᠨ ᠥᠭᠡ ᠶᠠᠷᠢᠵᠥ ᠪᠤᠯᠬᠤ ᠥᠭᠡᠢ᠂ ᠭᠡᠷᠪᠠ ᠲᠤᠤᠭᠠᠷᠪᠠᠯ ᠲᠥᠷᠢᠮ | ᠵᠥᠷᠢᠴᠡᠭᠰᠡᠨ ᠳᠤ ᠲᠤᠭᠠᠴᠠᠵᠤ᠂ ᠲᠠᠷᠠᠭᠠᠴᠢ ᠶᠢᠨ ᠡᠭᠡᠯᠵᠢᠨ ᠳᠤ ᠪᠠᠨ ᠰᠢᠯᠵᠢᠭᠦᠯᠳᠡᠭ᠃ ᠲᠤᠯᠤᠭᠠᠨ ᠱᠠᠭ᠎ᠠ ᠶᠢ ᠲᠤᠯᠤᠭᠠᠨ ᠡᠭᠡᠯᠵᠢᠨ ᠳᠤ ᠥᠭᠡ ᠲᠤᠤᠭᠠᠷᠤᠭᠰᠠᠨ | ᠥᠭᠡᠢ ᠨᠢᠰᠠᠯᠤᠭᠰᠠᠨ ᠭᠥᠮᠥᠨ ᠢ ᠱᠥᠭᠦᠭᠰᠡᠨ ᠳᠤ ᠪᠤᠳᠤᠳᠠᠭ᠃ | |