ᠠᠵᠢᠯ ᠦᠢᠯᠡᠰ ᠪᠤᠶᠤ ᠠᠮᠢᠳᠤᠷᠠᠯ ᠤᠨ ᠠᠶᠢᠵᠠᠮ ᠴᠤᠬᠢᠯᠭ᠎ᠠ ᠶᠢ ᠵᠦᠪ ᠵᠤᠬᠢᠴᠠᠭᠤᠯᠤᠭᠰᠠᠨ ᠦᠭᠡᠢ ᠠᠴᠠ ᠪᠤᠯᠵᠤ᠂ ᠪᠠᠶ᠎ᠠ ᠰᠡᠳᠬᠢᠯ ᠳᠡᠭᠡᠨ ᠶᠡᠭᠡ | ᠲᠠᠷᠤᠭᠠᠰᠤ ᠲᠠᠢ ᠶᠠᠪᠤᠳᠠᠭ ᠬᠦᠮᠤᠰ ᠤᠯᠠᠨ ᠪᠤᠢ᠃ ᠡᠨᠡ ᠨᠢ ᠤᠳᠠᠭᠠᠨ ᠳᠠᠭᠠᠨ ᠪᠠᠶ᠎ᠠ ᠰᠡᠳᠬᠢᠴᠡ ᠶᠢᠨ ᠡᠷᠡᠭᠦᠯ ᠮᠡᠨᠳᠤ ᠶᠢ ᠨᠦᠯᠤᠭᠡᠯᠡᠵᠤ᠂ ᠠᠵᠢᠯ ᠠᠮᠢᠳᠤᠷᠠᠯ ᠳᠤ | ᠬᠠᠷᠰᠢ ᠰᠠᠭᠠᠳ ᠤᠴᠠᠷᠠᠭᠤᠯᠳᠠᠭ᠃ ᠡᠭᠦᠨ ᠢ ᠰᠢᠢᠳᠪᠤᠷᠢᠯᠡᠭᠦ ᠨᠢᠭᠡᠨ ᠠᠷᠭ᠎ᠠ ᠪᠤᠯ ᠦᠪᠡᠷ ᠤᠨ ᠢᠶᠠᠨ ᠬᠢᠵᠤ ᠪᠠᠶᠢᠭ᠎ᠠ ᠠᠵᠢᠯ ᠦᠢᠯᠡᠰ ᠢᠶᠠᠨ ᠦᠪᠡᠷ ᠤᠨ | ᠶᠠᠭᠤᠮ᠎ᠠ ᠪᠠᠨ ᠪᠤᠯᠭᠠᠵᠤ᠂ ᠦᠪᠡᠷ ᠢ ᠪᠠᠨ ᠪᠠᠭ᠋ᠠᠷᠬᠠᠵᠤ ᠰᠤᠷᠤᠨ᠎ᠠ᠃ ᠦᠪᠡᠷ ᠤᠨ ᠬᠢᠭᠦ ᠵᠤᠬᠢᠰᠳᠠᠢ ᠵᠦᠢᠯ ᠢᠶᠠᠨ ᠬᠢᠵᠤ ᠯᠠ ᠪᠠᠶᠢᠨ᠎ᠠ ᠭᠡᠰᠡᠨ ᠪᠤᠳᠤᠯ ᠢᠶᠠᠷ᠂ | ᠬᠠᠷᠢᠭᠤᠴᠠᠯᠭ᠎ᠠ ᠲᠠᠢ ᠬᠢᠵᠤ ᠯᠠ ᠪᠠᠶᠢᠨ᠎ᠠ ᠭᠡᠰᠡᠨ ᠪᠤᠳᠤᠯ ᠢᠶᠠᠷ ᠬᠠᠷᠢᠭᠤᠴᠠᠯᠭ᠎ᠠ ᠲᠠᠢ ᠬᠢᠨ᠎ᠠ᠃ ᠶᠡᠷᠤᠨᠢ ᠦᠪᠡᠷ ᠤᠨ ᠪᠠᠶ᠎ᠠ ᠳᠡᠭᠡᠨ ᠬᠠᠷᠢᠭᠤᠴᠠᠵᠤ ᠬᠢᠭᠰᠡᠨ ᠠᠵᠢᠯ | ᠪᠤᠯ ᠶᠠᠳᠠᠷᠠᠭ᠎ᠠ ᠪᠠᠶᠢᠬᠤ ᠦᠭᠡᠢ᠂ ᠬᠦᠮᠤᠨ ᠤ ᠲᠦᠯᠤᠭᠡ ᠬᠡᠵᠤ ᠪᠤᠳᠤᠪᠠᠯ ᠲᠠᠷᠤᠭᠠᠰᠤ ᠲᠠᠢ ᠪᠤᠯᠳᠠᠭ᠃ ᠦᠨᠤᠳᠤᠷ ᠤᠨ ᠬᠦᠮᠤᠰ ᠤᠯᠠᠩᠬᠢ ᠨᠢ ᠭᠠᠳᠠᠭᠠᠳᠤ | ᠤᠷᠴᠢᠨ ᠢᠶᠠᠷ ᠦᠪᠡᠷ ᠢ ᠪᠠᠨ ᠬᠦᠯᠢᠶᠠᠰᠤᠯᠡᠨ ᠰᠡᠳᠬᠢᠯ ᠰᠠᠨᠠᠭᠠᠨ ᠳᠠᠭᠠᠨ ᠲᠠᠷᠤᠯᠳᠠ ᠦᠭᠳᠡᠭ᠃ ︽ᠶᠡᠷᠤᠨᠢ ᠦᠭᠴᠤ ᠠᠮᠢᠳᠤᠷᠠᠭᠰᠠᠨ ᠰᠡᠳᠬᠢᠯ ᠲᠦᠭᠦᠷᠡᠩ᠂ | ᠠᠪᠴᠤ ᠰᠤᠷᠤᠭᠰᠠᠨ ᠰᠡᠳᠬᠢᠯ ᠬᠤᠭᠤᠰᠤᠨ︾ ᠭᠡᠵᠤ ᠦᠪᠤᠷ ᠮᠤᠩᠭᠤᠯ ᠤᠨ ᠠᠩᠬᠠᠳᠠᠭᠴᠢ ᠰᠡᠳᠬᠢᠴᠡ ᠪᠠᠷ ᠤᠷᠮᠠᠰᠢᠭᠤᠯᠤᠭᠴᠢ ᠤᠳᠬᠠᠨᠭᠡᠷᠡᠯ ᠪᠠᠭᠰᠢ ᠭᠡᠯᠡᠭᠰᠡᠨ | ᠪᠠᠶᠢᠳᠠᠭ᠃ ᠡᠶᠢᠮᠤ ᠠᠴᠠ ᠦᠭᠭᠦᠶ᠎ᠠ ᠯᠠ ᠭᠡᠰᠡᠨ ᠰᠡᠳᠬᠢᠯ ᠢᠶᠠᠷ ᠴᠢᠷᠮᠠᠶᠢᠯᠳᠠ ᠲᠠᠢ ᠠᠵᠢᠯᠯᠠᠵᠤ ᠠᠮᠢᠳᠤᠷᠠᠳᠠᠭ ᠬᠦᠮᠤᠨ ᠰᠠᠶᠢᠬᠠᠨ ᠰᠠᠨᠠᠭ᠎ᠠ ᠲᠠᠢ ᠪᠠᠶᠢᠵᠤ ᠡᠳᠤᠷᠵᠢᠨ | ᠪᠠᠶᠠᠷ ᠲᠠᠢ᠃ ᠡᠭᠦᠨ ᠳᠤ ᠬᠦᠮᠤᠨ ᠤᠷᠢᠳ ᠢᠶᠠᠷ ᠵᠤᠯ ᠵᠢᠷᠭᠠᠯ ᠢ ᠮᠡᠳᠡᠷᠡᠵᠤ᠂ ᠦᠪᠡᠷ ᠲᠡᠭᠡᠨ ᠪᠠᠶᠢᠭ᠎ᠠ ᠵᠦᠢᠯᠡᠰ ᠲᠡᠭᠡᠨ ᠰᠡᠳᠬᠢᠯ ᠬᠠᠨᠤᠵᠤ ᠰᠤᠷᠬᠤ ᠭᠡᠷᠡᠭᠳᠡᠢ᠃ | ᠤᠳᠬᠠᠨᠭᠡᠷᠡᠯ ᠪᠠᠭᠰᠢ ᠶᠢᠨ ᠲᠠᠶᠢᠯᠪᠤᠷᠢᠯᠠᠭᠰᠠᠨ ᠢᠶᠠᠷ ᠵᠤᠯ ᠵᠢᠷᠭᠠᠯ ᠲᠠᠢ ᠪᠠᠶᠢᠨ᠎ᠠ ᠭᠡᠳᠡᠭ ᠪᠤᠯ ᠠᠪᠢᠶᠠᠰ ᠢᠶᠠᠨ ᠪᠠᠳᠠᠷᠠᠭᠤᠯᠵᠤ ᠭᠡᠷᠡᠭᠯᠡᠵᠤ ᠴᠢᠳᠠᠭᠰᠠᠨ | ᠬᠦᠮᠤᠨ ᠢ ᠭᠡᠯᠡᠨ᠎ᠠ᠃ ᠦᠨᠤᠳᠤᠷ ᠤᠨ ᠤᠯᠠᠩᠬᠢ ᠬᠦᠮᠤᠰ ᠦᠪᠡᠷ ᠤᠨ ᠠᠪᠢᠶᠠᠰ ᠢᠶᠠᠨ ᠪᠠᠳᠠᠷᠠᠭᠤᠯᠵᠤ ᠴᠢᠳᠠᠭ᠎ᠠ ᠦᠭᠡᠢ᠂ ᠵᠦᠪᠭᠡᠨ ᠨᠡᠶᠢᠭᠡᠮ ᠤᠨ ᠭᠠᠳᠠᠭᠠᠳᠤ | ᠤᠷᠴᠢᠨ ᠲᠠᠢ ᠤᠴᠢᠵᠤ ᠨᠡᠶᠢᠴᠡᠭᠦ ᠶᠢᠨ ᠲᠦᠯᠤᠭᠡ ᠪᠠᠶ᠎ᠠ ᠪᠠᠨ ᠱᠠᠭᠠᠷᠳᠠᠵᠤ᠂ ᠭᠠᠳᠠᠭᠠᠳᠤ ᠶᠢᠷᠳᠢᠨᠴᠤ ᠶᠢᠨ ᠪᠠᠷᠢᠮᠵᠢᠶ᠎ᠠ ᠪᠠᠷ ᠠᠵᠢᠯᠯᠠᠵᠤ ᠠᠮᠢᠳᠤᠷᠠᠵᠤ | ᠶᠠᠪᠤᠳᠠᠭᠲ᠋ᠠᠭᠠᠨ ᠶᠠᠳᠠᠷᠠᠯᠳᠠᠢ ᠪᠠᠶᠢᠳᠠᠭ ᠠᠵᠢ᠃ | ᠬᠦᠮᠤᠨ ᠶᠡᠷᠤᠨᠢ ᠶᠠᠭᠤ ᠬᠦᠰᠡᠵᠤ ᠪᠠᠶᠢᠭ᠎ᠠ ᠪᠤᠯ ᠲᠡᠭᠦᠨ ᠢᠶᠠᠨ ᠯᠠ ᠦᠪᠡᠷ ᠠᠴᠠ ᠪᠠᠨ ᠡᠬᠢᠯᠡᠵᠤ ᠬᠢᠭᠦ ᠭᠡᠷᠡᠭᠳᠡᠢ᠃ ᠢᠡᠭᠬᠢᠵᠤ ᠯᠠ ᠶᠠᠭᠤ ᠬᠢᠭᠰᠡᠨ ᠪᠤᠯ | ᠶᠠᠭᠤᠨ ᠤ ᠪᠠᠨ ᠬᠠᠷᠢᠭᠤ ᠶᠢ ᠬᠤᠷᠢᠶᠠᠵᠤ ᠠᠪᠴᠢᠷᠠᠳᠠᠭ ᠶᠤᠰᠤᠳᠠᠢ᠃ ᠵᠢᠱᠢᠶᠠᠯᠠᠪᠠᠯ ᠦᠪᠡᠷ ᠲᠡᠭᠡᠨ ᠬᠠᠶᠢᠷ᠎ᠠ ᠭᠡᠷᠡᠭᠳᠡᠢ ᠪᠤᠯ ᠪᠤᠰᠤᠳ ᠢ ᠤᠷᠢᠳ ᠢᠶᠠᠷ ᠬᠠᠶᠢᠷᠠᠯᠠᠵᠤ | ᠰᠤᠷᠤᠨ᠎ᠠ᠃ ᠠᠵᠤ ᠠᠬᠤᠢᠢᠯᠠᠯ ᠭᠡᠷᠡᠭᠳᠡᠢ ᠪᠤᠯ ᠤᠷᠢᠳ ᠢᠶᠠᠷ ᠠᠵᠤ ᠠᠬᠤᠢᠢᠯᠠᠯ ᠢᠶᠠᠨ ᠬᠠᠶᠢᠷᠠᠯᠠᠵᠤ ᠠᠬᠤᠢᠢᠯᠠᠵᠤ ᠰᠤᠷᠤᠨ᠎ᠠ᠃ ᠡᠭᠦᠨ ᠤ ᠪᠠᠨ ᠲᠤᠰᠠᠳᠠ | ᠪᠤᠰᠤᠳ ᠲᠤ ᠭᠡᠵᠢᠶᠠᠳᠠ ᠪᠡᠯᠭᠡ ᠲᠡᠮᠪᠡᠷᠢᠯ ᠲᠠᠢ ᠦᠭᠡᠳᠡᠷᠭᠡᠭ ᠦᠭᠡ ᠭᠡᠯᠡᠵᠤ᠂ ᠬᠦᠮᠤᠰ ᠲᠠᠢ ᠵᠦᠪ ᠬᠠᠷᠢᠴᠠᠵᠤ ᠶᠠᠪᠤᠬᠤ ᠴᠢᠬᠤᠯᠠᠳᠠᠢ᠃ ᠡᠨᠡ ᠨᠢ ᠪᠤᠰᠤᠳ ᠲᠤ | ᠵᠦᠪ ᠡᠨᠧᠷᠬᠢ ᠤᠯᠭᠤᠬᠤ ᠶᠢᠨ ᠲᠠᠭᠠᠤ ᠪᠠᠶ᠎ᠠ ᠳᠡᠭᠡᠨ ᠴᠤ ᠦᠷᠭᠦᠯᠵᠢ ᠵᠦᠪ ᠡᠨᠧᠷᠬᠢ ᠶᠢ ᠰᠢᠩᠭᠡᠭᠡᠨ᠎ᠠ᠃ | ᠵᠦᠪ ᠡᠨᠧᠷᠬᠢ ᠰᠡᠳᠬᠢᠯ ᠢ ᠪᠠᠶᠠᠰᠬᠠᠵᠤ ᠪᠠᠶᠠᠷ ᠪᠠᠶᠠᠰᠤᠯ ᠤᠯᠭᠤᠵᠤ ᠴᠢᠳᠠᠨ᠎ᠠ᠃ ᠡ᠊ᠡᠭ ᠤᠨ ᠦᠶ᠎ᠠ ᠳᠤ ᠦᠷᠭᠦᠯᠵᠢ ᠵᠦᠪ ᠰᠠᠨᠠᠵᠤ᠂ ᠴᠠᠭ ᠢ ᠵᠦᠪ ᠢᠶᠠᠷ | ᠠᠰᠢᠭᠯᠠᠨ᠂ ᠪᠤᠰᠤᠳ ᠲᠠᠢ ᠨᠠᠶᠢᠷᠰᠠᠭ ᠶᠠᠪᠤᠯᠴᠠᠵᠤ᠂ ᠬᠢᠭᠦ ᠵᠤᠬᠢᠰᠳᠠᠢ ᠵᠦᠢᠯᠡᠰ ᠲᠡᠭᠡᠨ ᠬᠦᠢᠴᠡᠳ ᠴᠢᠷᠮᠠᠶᠢᠵᠤ ᠶᠠᠪᠤᠪᠠᠯ ᠪᠠᠶ᠎ᠠ ᠰᠡᠳᠬᠢᠯ ᠲᠠᠶᠢᠪᠤᠭᠤᠨ ᠪᠠᠶᠢᠵᠤ | ᠴᠢᠳᠠᠨ᠎ᠠ᠃ ᠭᠠᠳᠠᠭᠠᠳᠤ ᠶᠢᠷᠳᠢᠨᠴᠤ ᠶᠢᠨ ᠪᠤᠷᠤᠭᠤ ᠡᠨᠧᠷᠬᠢ ᠶᠢ ᠬᠦᠷᠳᠡᠯ ᠦᠭᠡᠢ᠂ ᠦᠪᠡᠷ ᠲᠡᠭᠡᠨ ᠲᠠᠭᠠᠰᠢᠶᠠᠭᠳᠠᠭᠰᠠᠨ ᠠᠮᠢᠳᠤᠷᠠᠯ ᠳᠠᠭᠠᠨ ᠦᠭᠡᠳᠡᠷᠭᠡᠭ | ᠰᠡᠳᠬᠢᠯᠭᠡ ᠲᠠᠢ ᠠᠵᠢᠯᠯᠠᠵᠤ ᠠᠮᠢᠳᠤᠷᠠᠪᠠᠯ ᠪᠠᠶ᠎ᠠ ᠰᠡᠳᠬᠢᠯ ᠡᠷᠡᠭᠦᠯ ᠰᠠᠶᠢᠬᠠᠨ ᠪᠠᠶᠢᠵᠤ ᠴᠢᠳᠠᠬᠤ ᠶᠢᠨ ᠪᠠᠰᠠ ᠨᠢᠭᠡ ᠤᠬᠠᠭᠠᠨ ᠪᠤᠶᠤ᠃ | |