ᠦᠬᠡᠷ ᠤᠨ ᠬᠠᠳᠠᠭᠠᠭᠰᠡᠨ ᠮᠢᠬ᠎ᠠ ᠬᠡᠢ ᠡᠪᠡᠳᠴᠢᠨ ᠢ ᠠᠨᠠᠭᠠᠬᠤ ᠦᠢᠯᠡᠳᠦᠯ ᠲᠠᠢ
ᠨᠡᠶᠢᠲᠡᠯᠡᠭᠰᠡᠨ ᠴᠠᠭ᠄
2022/5/13
     ᠬᠠᠮᠢᠶ᠎ᠠ ᠪᠦᠬᠦᠢ ᠳᠡᠤᠬᠡᠨ ᠳᠡᠮᠳᠡᠭᠯᠡᠯ ᠢ ᠦᠨᠳᠤᠰᠤᠯᠡᠪᠡᠯ᠂ ᠦᠭᠡᠷ ᠤᠨ ᠬᠠᠳᠠᠭᠠᠭᠰᠠᠨ ᠮᠢᠬ᠎ᠠ ᠨᠢ ᠬᠦᠮᠦᠨ ᠤ ᠪᠡᠶ᠎ᠡ ᠶᠢᠨ ᠬᠡᠢ ᠶᠢ ᠳᠠᠷᠣᠨ᠂ ᠪᠡᠶ᠎ᠡ ᠶᠢ ᠴᠢᠬᠢᠷᠠᠭᠵᠢᠭᠤᠯᠬᠤ᠂ ᠳᠠᠮᠢᠷ ᠳᠡᠩᠭᠡᠭᠡ ᠶᠢ ᠰᠠᠶᠢᠵᠢᠷᠠᠭᠤᠯᠬᠤ᠂ ᠳᠡᠯᠢᠬᠦᠦ ᠬᠤᠳᠣᠭᠤᠳᠣ ᠶᠢ ᠲᠦᠯᠵᠢᠬᠦᠯᠬᠦ ᠴᠢᠳᠠᠯ ᠲᠠᠢ ᠪᠦᠭᠡᠳ ᠡᠪᠡᠳᠴᠢᠯᠡᠭᠡᠳ ᠡᠴᠡᠵᠦ ᠳᠣᠷᠠᠬᠤ ᠪᠠ ᠡᠪᠦᠳᠦᠭ ᠨᠢᠷᠣᠭᠤ ᠰᠢᠮᠰᠢᠷᠡᠬᠦ᠂ ᠴᠢᠰᠣ ᠳᠣᠳᠠᠬᠤ ᠡᠪᠡᠳᠴᠢᠨ ᠵᠡᠷᠭᠡ ᠶᠢ ᠠᠨᠠᠭᠠᠨ ᠵᠠᠰᠠᠬᠤ ᠦᠢᠯᠡᠳᠦᠯ ᠲᠠᠢ᠃ ᠦᠬᠡᠷ ᠤᠨ ᠬᠠᠳᠠᠭᠠᠭᠰᠡᠨ ᠮᠢᠬ᠎ᠠ ᠶᠢ ᠶᠡᠷᠦ ᠳᠡᠭᠡᠨ ᠰᠢᠷᠠᠬᠤ ᠮᠡᠳᠦ ᠪᠠᠷ ᠢᠳᠡᠵᠤ᠂ ᠬᠡᠷᠡᠭᠯᠡᠬᠦ ᠵᠢᠱᠢᠶ᠎ᠡ ᠨᠢ ᠲᠤᠤᠷᠠᠬᠢ ᠮᠡᠳᠦ᠃      1. ᠦᠬᠡᠷ ᠤᠨ ᠬᠠᠳᠠᠭᠠᠭᠰᠡᠨ ᠮᠢᠬ᠎ᠠ ᠶᠢ ᠬᠡᠰᠡᠭᠯᠡᠨ ᠬᠡᠷᠴᠢᠵᠦ ᠳᠣᠰᠣᠨ ᠳᠤ ᠪᠣᠴᠠᠯᠭᠠᠵᠦ ᠢᠳᠡᠪᠡᠯ ᠬᠡᠢ ᠡᠪᠡᠳᠴᠢᠨ᠂ ᠳᠠᠮᠢᠷ ᠳᠣᠷᠣᠢ ᠡᠪᠡᠳᠴᠢᠨ ᠢ ᠠᠨᠠᠭᠠᠨ᠎ᠠ᠃      2. ᠦᠬᠡᠷ ᠤᠨ ᠬᠠᠳᠠᠭᠠᠭᠰᠡᠨ ᠭᠤᠶᠠᠨ ᠤ ᠮᠢᠬ᠎ᠠ ᠶᠢ ᠨᠢᠭᠡ ᠢᠮᠠᠬᠤ ᠵᠣᠵᠠᠭᠠᠨ᠂ ᠭᠤᠷᠪᠠᠨ ᠢᠮᠠᠬᠤ ᠣᠷᠳᠣ ᠬᠡᠷᠴᠢᠵᠦ᠂ ᠵᠢᠩ ᠮᠢᠬᠠᠨ ᠳᠤ ᠨᠣᠨᠳᠠᠭ ᠳᠠᠪᠣᠰᠣ 15g᠂ ᠬᠤᠣᠵᠣᠣ 10g᠂ ᠰᠣᠩᠭᠢᠨ᠎ᠠ 100g ᠦᠷᠦᠵᠦ ᠨᠢᠭᠡ ᠴᠠᠭ ᠪᠣᠯᠣᠭᠰᠡᠨ ᠤ ᠳᠠᠷᠠᠭ᠎ᠠ ᠳᠣᠭᠤᠭᠠᠨ ᠳᠡᠭᠡᠷ᠎ᠡ ᠬᠠᠩᠨᠠᠭᠠᠳ ᠨᠢᠭᠡ ᠣᠳᠠᠭ᠎ᠠ ᠡᠷᠬᠢᠬᠦᠯᠦᠨ ᠪᠣᠯᠭᠤᠭᠠᠳ ᠰᠢᠷ᠎ᠠ ᠳᠣᠰᠣ ᠲᠦᠷᠬᠢᠵᠦ ᠢᠳᠡᠪᠡᠯ ᠬᠡᠢ ᠡᠪᠡᠳᠴᠢᠨ᠂ ᠳᠠᠮᠢᠷ ᠳᠡᠩᠭᠡᠭᠡ ᠳᠣᠷᠦ᠋ᠢᠳᠠᠭᠰᠡᠨ ᠵᠡᠷᠭᠡ ᠶᠢ ᠠᠨᠠᠭᠠᠨ᠎ᠠ᠃ 100g ᠦᠬᠡᠷ ᠤᠨ ᠬᠠᠳᠠᠭᠠᠭᠰᠡᠨ ᠮᠢᠬᠠᠨ ᠳᠤ ᠣᠭᠤᠷᠠᠭ 55.60g᠂ ᠦᠬᠡᠬᠦ 8.00g᠂ ᠨᠡᠭᠦᠷᠡᠰᠦ ᠣᠰᠣᠨ ᠤ ᠨᠢᠭᠡᠳᠪᠦᠷᠢ 15.00g᠂ ᠺᠣᠯᠧᠰᠲ᠋ᠧᠷᠦᠯ 120.00mg᠂ ᠸᠢᠲ᠋ᠠᠮᠢᠨ B1 0.06mg᠂ ᠸᠢᠲ᠋ᠠᠮᠢᠨ B2 0.26mg᠂ ᠳᠠᠮᠠᠬᠢᠨ ᠬᠦᠴᠢᠯ 15.20mg᠂ ᠹᠣᠰᠹᠣᠷ 464.00mg᠂ ᠲᠡᠮᠦᠷ 15. 60mg᠂ ᠺᠠᠯᠼ 43.00mg᠂ ᠮᠠᠭᠨᠢ 107.0mg᠂ ᠨᠠᠳ᠋ᠷᠢ 412.40mg᠂ ᠰᠧᠯᠧᠨ 9.80μg᠂ ᠴᠠᠶᠢᠷ 7.26mg᠂ ᠵᠡᠰ 0.10mg᠂ ᠺᠠᠯᠢ 4.00mg᠂ ᠮᠠᠩᠭᠠᠨ 0.19mg ᠠᠭᠤᠯᠣᠭᠳᠠᠨ᠎ᠠ᠃       ᠦᠬᠡᠷ ᠤᠨ ᠬᠠᠳᠠᠭᠠᠭᠰᠡᠨ ᠮᠢᠬᠠᠨ ᠳᠤ ᠡᠯᠪᠡᠭ ᠪᠠᠶᠠᠯᠢᠭ ᠰᠡᠷᠺᠦᠰᠢᠨ ︵sarcosine︶᠂ ᠸᠢᠲ᠋ᠠᠮᠢᠨ B6᠂ ᠸᠢᠲ᠋ᠠᠮᠢᠨ B12᠂ ᠯᠠᠺᠲ᠋ᠠᠮ ᠬᠦᠴᠢᠯ ︵2-aminopropionic acid︶᠂ ᠮᠢᠬᠠᠨ ᠱᠦᠯᠳᠦ ︵carnitine︶᠂ ᠣᠭᠤᠷᠠᠭ᠂ ᠳᠣᠳᠠᠭᠤ ᠳᠣᠰᠣᠨ ᠬᠦᠴᠢᠯ᠂ ᠴᠠᠶᠢᠷ᠂ ᠮᠠᠭᠨᠢ᠂ ᠺᠠᠯᠢ᠂ ᠲᠡᠮᠦᠷ ᠂ ᠺᠠᠯᠼ ᠵᠡᠷᠭᠡ ᠰᠢᠮ᠎ᠡ ᠳᠡᠵᠢᠬᠡᠯ ᠤᠨ ᠪᠦᠷᠢᠯᠳᠦᠬᠦᠨ ᠠᠭᠤᠯᠣᠭᠳᠠᠵᠦ᠂ ᠡᠳᠡᠭᠡᠷ ᠨᠢ ᠬᠦᠮᠦᠨ ᠤ ᠪᠡᠶ᠎ᠡ ᠶᠢᠨ ᠦᠯᠦ ᠬᠠᠯᠳᠠᠭᠠᠬᠤ ᠴᠢᠳᠠᠪᠣᠷᠢ ᠶᠢ ᠨᠡᠮᠡᠭᠳᠡᠭᠦᠯᠵᠦ᠂ ᠰᠢᠨ᠎ᠡ ᠬᠠᠭᠤᠴᠢᠨ ᠤ ᠰᠣᠯᠢᠯᠴᠠᠭ᠎ᠠ ᠶᠢ ᠠᠬᠢᠭᠤᠯᠣᠨ᠎ᠠ᠃       ᠡᠯᠢᠬᠡᠨ ᠡᠪᠡᠳᠴᠢᠨ᠂ ᠪᠦᠬᠡᠷᠡᠨ ᠡᠪᠡᠳᠴᠢᠨ ᠲᠠᠢ ᠬᠦᠮᠦᠨ ᠬᠠᠳᠠᠭᠠᠭᠰᠠᠨ ᠮᠢᠬ᠎ᠠ ᠢᠳᠡᠬᠦ ᠳᠤ ᠬᠢᠴᠢᠶᠡᠬᠦ ᠬᠡᠷᠡᠭᠳᠡᠢ᠃     
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠨ ᠤ ᠰᠤᠨᠢᠠ ᠮᠡᠳᠡᠭᠡ ᠶᠢᠨ ᠰᠦᠯᠵᠢᠶ᠎ᠠ