ᠨᠢᠲᠣ ᠬᠠᠪᠣᠳᠴᠦ ᠬᠦᠭᠡᠷᠡᠬᠦ ᠶᠢ ᠨᠠᠮᠲᠠᠭᠠᠬᠤ ᠲᠦᠭᠦᠮ ᠠᠷᠭ᠎ᠠ
ᠨᠡᠶᠢᠲᠡᠯᠡᠭᠰᠡᠨ ᠴᠠᠭ᠄
2022/5/13
      ᠶᠡᠷᠦᠨᠢ ᠣᠷᠲᠣ ᠬᠤᠭᠤᠴᠠᠭ᠎ᠠ ᠪᠠᠷ ᠺᠤᠮᠫᠢᠤᠲ᠋ᠧᠷ ᠤᠨ ᠡᠮᠤᠨ᠎ᠠ ᠪᠤᠶᠤ ᠰᠦᠨᠢᠵᠢᠠ ᠠᠵᠢᠯᠯᠠᠪᠠᠯ ᠨᠢᠲᠦᠨ ᠤ ᠬᠡᠰᠡᠭ ᠤᠨ ᠪᠣᠯᠴᠢᠩ ᠰᠣᠯᠠᠷᠠᠵᠦ᠂ ᠨᠢᠲᠣ ᠬᠠᠪᠣᠳᠴᠦ ᠬᠦᠭᠡᠷᠡᠭᠰᠡᠨ ᠮᠡᠲᠦ ᠪᠣᠯᠲᠠᠬ᠃ ᠲᠡᠷᠡᠴᠢᠯᠡᠨ ᠣᠷᠲᠣ ᠬᠤᠭᠤᠴᠠᠭ᠎ᠠ ᠪᠠᠷ ᠨᠢᠲᠦ ᠬᠠᠪᠣᠳᠴᠦ ᠬᠦᠭᠡᠷᠡᠪᠡᠯ ᠦᠯᠲᠡᠵᠦ ᠲᠡᠶᠢᠯᠦᠰᠢ ᠦᠭᠡᠢ ᠣᠨᠵᠢᠬᠢᠷ ᠠᠨᠢᠰᠬ᠎ᠠ ᠪᠣᠯᠬᠤ ᠶᠣᠮ᠃      1. ᠱᠦᠯᠲᠦᠯᠢᠭ ᠰᠢᠩᠭᠡᠨ ᠢᠶᠠᠷ ᠢᠯᠢᠵᠦ ᠨᠣᠬᠤᠯᠠᠬᠤ᠄ ᠣᠷᠢᠲᠠᠪᠠᠷ ᠱᠦᠯᠲᠦᠯᠢᠭ ᠰᠢᠩᠭᠡᠨ ᠢ ᠠᠯᠠᠭᠠᠨ ᠲᠡᠭᠡᠷ᠎ᠡ ᠪᠠᠨ ᠲᠦᠷᠬᠢᠵᠦ᠂ ᠬᠠᠪᠣᠳᠴᠦ ᠬᠦᠭᠡᠷᠡᠭᠰᠡᠨ ᠨᠢᠲᠦᠨ ᠤ ᠬᠡᠰᠡᠭ ᠲᠤ ᠪᠠᠨ ᠬᠦᠩᠭᠡᠭᠡᠨ ᠭᠡᠭᠴᠢ ᠲᠠᠷᠣᠵᠦ ᠪᠠᠭ᠎ᠠ ᠣᠲᠠᠰᠬᠢᠨ᠎ᠠ᠃ ᠡᠨᠡ ᠮᠡᠲᠦ ᠪᠠᠷ ᠦᠷᠬᠦᠯᠵᠢᠯᠡᠨ 3 ᠣᠲᠠᠭ᠎ᠠ ᠬᠢᠪᠡᠯ ᠨᠢᠲᠣ ᠬᠠᠪᠣᠳᠴᠦ ᠬᠦᠭᠡᠷᠡᠭᠰᠡᠨ ᠢ ᠨᠠᠮᠲᠠᠭᠤᠯᠬᠤ ᠪᠣᠯᠣᠨ᠎ᠠ᠃      2. ᠨᠢᠲᠣᠨ ᠪᠦᠷᠬᠦᠬᠦᠯ ᠳᠤ ᠣᠰᠣ ᠨᠦᠬᠦᠪᠦᠷᠢᠯᠡᠵᠦ ᠬᠠᠪᠣᠲᠣᠬᠰᠠᠨ ᠢ ᠨᠠᠮᠲᠠᠭᠠᠬᠤ᠄ ᠰᠦᠨᠢᠵᠢᠨ ᠠᠵᠢᠯᠯᠠᠬᠰᠠᠨ ᠠᠴᠠ ᠪᠣᠯᠵᠦ ᠨᠢᠲᠣ ᠬᠠᠪᠣᠳᠴᠦ ᠬᠦᠭᠡᠷᠡᠬᠦ ᠶᠢ ᠨᠠᠮᠲᠠᠭᠠᠬᠤ ᠬᠠᠮᠤᠬ ᠰᠠᠶᠢᠨ ᠠᠷᠭ᠎ᠠ ᠭᠡᠪᠡᠯ ᠨᠢᠲᠣᠨ ᠤ ᠲᠣᠭᠤᠷᠢᠨ ᠳᠠᠬᠢ ᠠᠷᠠᠰᠣᠨ ᠳᠤ ᠣᠰᠣ ᠪᠣᠯᠣᠨ ᠰᠢᠮ᠎ᠠ ᠲᠡᠵᠢᠭᠡᠯ ᠨᠦᠬᠦᠪᠦᠷᠢᠯᠡᠵᠦ᠂ ᠲᠣᠰ ᠪᠡᠶ᠎ᠡ ᠶᠢᠨ ᠬᠢᠨᠢ ᠣᠷᠴᠢᠯ ᠪᠣᠯᠣᠨ ᠬᠤᠤᠷ ᠢ ᠭᠠᠳᠠᠭᠰᠢᠯᠠᠭᠤᠯᠬᠤ ᠴᠢᠲᠠᠪᠣᠷᠢ ᠶᠢ ᠨᠡᠮᠡᠭᠲᠡᠬᠦᠯᠬᠦ ᠶᠠᠪᠣᠲᠠᠯ ᠪᠣᠯᠣᠨ᠎ᠠ᠃ ᠲᠡᠭᠡᠬᠦ ᠳᠡᠭᠡᠨ ᠨᠢᠭᠤᠷ ᠢᠶᠠᠨ ᠣᠬᠢᠶᠠᠬᠰᠠᠨ ᠤ ᠲᠠᠷᠠᠭ᠎ᠠ ᠣᠰᠣ ᠨᠦᠬᠦᠪᠦᠷᠢᠯᠡᠬᠦ ᠨᠢᠲᠣᠨ ᠪᠦᠷᠬᠦᠬᠦᠯ ᠬᠡᠷᠡᠭᠯᠡᠪᠡᠯ ᠠᠷᠠᠰᠣ ᠶᠢ ᠨᠡᠩ ᠨᠢᠬᠲᠠ ᠴᠢᠩᠭ᠎ᠠ ᠪᠣᠯᠭᠠᠲᠠᠬ᠃      3. ᠬᠦᠯᠲᠡᠭᠡᠵᠦ ᠨᠣᠨᠲᠠᠬᠯᠠᠬᠰᠠᠨ ᠦᠷᠭᠡᠰᠦᠲᠦ ᠬᠡᠮᠭᠡ᠄ ᠵᠢᠵᠢᠭ ᠦᠷᠭᠡᠰᠦᠲᠦ ᠬᠡᠮᠭᠡ ᠪᠣᠯ ᠬᠠᠯᠠᠭᠤᠨ ᠢ ᠪᠠᠭᠤᠷᠠᠭᠤᠯᠣᠨ ᠬᠠᠪᠣᠳᠬᠤ ᠶᠢ ᠨᠠᠮᠲᠠᠭᠠᠬᠤ ᠦᠢᠯᠡᠲᠦᠯ ᠲᠠᠢ ᠪᠢᠯᠡ᠃ ᠡᠶᠢᠮᠦ ᠠᠴᠠ ᠰᠦᠨᠢᠵᠢᠨ ᠠᠵᠢᠯᠯᠠᠬᠤ ᠵᠣᠷᠰᠢᠯ ᠲᠠᠢ ᠬᠦᠮᠦᠰ ᠦᠪᠡᠰᠦᠪᠡᠨ ᠦᠷᠭᠡᠰᠦᠲᠦ ᠬᠡᠮᠭᠡ ᠪᠡᠯᠡᠳᠭᠡᠵᠦ᠂ ᠦᠷᠭᠡᠰᠦᠲᠦ ᠬᠡᠮᠭᠡ ᠪᠠᠨ ᠨᠣᠨᠲᠠᠬᠯᠠᠵᠦ ᠬᠦᠯᠲᠡᠭᠡᠭᠰᠡᠨ ᠤ ᠬᠤᠶᠢᠨ᠎ᠠ ᠬᠠᠪᠣᠳᠴᠦ ᠬᠦᠭᠡᠷᠡᠭᠰᠡᠨ ᠨᠢᠲᠣᠨ ᠤ ᠪᠠᠨ ᠬᠡᠰᠡᠭ ᠲᠤ 10 — 15 ᠮᠢᠨᠦᠲ ᠲᠦᠷᠬᠢᠪᠡᠯ ᠬᠠᠪᠣᠳᠴᠦ ᠬᠦᠭᠡᠷᠡᠭᠰᠡᠨ ᠢ ᠨᠠᠮᠲᠠᠭᠠᠬᠤ ᠦᠢᠯᠡᠲᠦᠯ ᠲᠠᠢ ᠪᠢᠯᠡ᠃      4. ᠬᠠᠯᠠᠭᠤᠨ ᠬᠦᠢᠲᠡᠨ ᠡᠭᠡᠯᠵᠢᠯᠡᠨ ᠬᠠᠪᠣᠳᠬᠤ ᠶᠢ ᠨᠠᠮᠲᠠᠭᠠᠬᠤ ᠠᠷᠭ᠎ᠠ᠄ ᠬᠠᠯᠠᠭᠤᠨ ᠬᠦᠢᠲᠡᠨ ᠡᠭᠡᠯᠵᠢᠯᠡᠬᠦ ᠠᠷᠭ᠎ᠠ ᠪᠠᠷ ᠬᠠᠪᠣᠳᠴᠦ ᠬᠦᠭᠡᠷᠡᠭᠰᠡᠨ ᠨᠢᠲᠦᠨ ᠤ ᠬᠡᠰᠡᠭ ᠤᠨ ᠴᠢᠰᠣᠨ ᠰᠣᠲᠠᠯ ᠢ ᠣᠷᠢᠲᠠᠪᠠᠷ ᠲᠡᠨᠢᠢᠯᠭᠡᠵᠤ ᠲᠠᠬᠢᠨ ᠠᠪᠴᠢᠭᠠᠵᠦ᠂ ᠡᠬᠦᠨ ᠤ ᠣᠯᠠᠮ ᠢᠶᠠᠷ ᠴᠢᠰᠣᠨ ᠤ ᠡᠷᠬᠢᠯᠲᠡ ᠶᠢ ᠠᠬᠢᠭᠤᠯᠵᠦ᠂ ᠬᠠᠪᠣᠲᠣᠬᠰᠠᠨ ᠢ ᠨᠠᠮᠲᠠᠭᠠᠵᠣ ᠪᠣᠯᠣᠨ᠎ᠠ᠃ ᠬᠠᠯᠠᠭᠤᠨ ᠠᠯᠴᠢᠭᠤᠷ ᠢᠶᠠᠷ ᠨᠢᠲᠣᠨ ᠤ ᠬᠡᠰᠡᠭ ᠢᠶᠠᠨ ᠲᠠᠷᠣᠬᠰᠠᠨ ᠤ ᠬᠤᠶᠢᠨ᠎ᠠ ᠲᠠᠬᠢᠨ ᠬᠦᠢᠲᠡᠨ ᠠᠯᠴᠢᠭᠤᠷ ᠢᠶᠠᠷ ᠨᠢᠲᠣᠨ ᠤ ᠬᠡᠰᠡᠭ ᠢᠶᠠᠨ ᠲᠠᠷᠣᠵᠦ᠂ ᠡᠨᠡ ᠮᠡᠲᠦ ᠪᠠᠷ ᠭᠤᠷᠪᠠ ᠣᠲᠠᠭ᠎ᠠ ᠡᠭᠡᠯᠵᠢᠯᠡᠨ᠎ᠡ᠃ ᠭᠡᠬᠦ ᠳᠡᠭᠡᠨ ᠬᠠᠯᠠᠭᠤᠨ ᠠᠯᠴᠢᠭᠤᠷ ᠢᠶᠠᠷ ᠲᠠᠷᠣᠬᠤ ᠪᠠ ᠬᠦᠢᠲᠡᠨ ᠠᠯᠴᠢᠭᠤᠷ ᠢᠶᠠᠷ ᠲᠠᠷᠣᠬᠤ ᠴᠠᠬ ᠤᠨ ᠬᠠᠷᠢᠴᠠᠯ ᠢ 1᠄ 2 ᠢᠶᠠᠷ ᠲᠣᠬᠢᠷᠠᠭᠤᠯᠵᠦ᠂ ᠬᠠᠮᠤᠬ ᠨᠠᠭᠠᠲᠣ ᠵᠠᠬ᠎ᠠ ᠳᠠᠭᠠᠨ 5 ᠮᠢᠨᠦ᠋ᠲ ᠡᠭᠡᠯᠵᠢᠯᠡᠨ ᠲᠠᠷᠣᠪᠠᠯ ᠦᠷ᠎ᠡ ᠪᠦᠲᠦᠮᠵᠢ ᠨᠢ ᠨᠡᠩ ᠰᠠᠶᠢᠨ ᠪᠠᠶᠢᠲᠠᠬ᠃      5. ᠲᠠᠪᠣᠰᠣ ᠲᠠᠢ ᠣᠰᠣ ᠪᠠᠷ ᠬᠠᠪᠣᠲᠣᠬᠰᠠᠨ ᠢ ᠨᠠᠮᠲᠠᠭᠠᠬᠤ ᠠᠷᠭ᠎ᠠ᠄ 500 ᠮᠢᠯᠢᠯᠢᠳ᠋ᠷ ᠤᠨ ᠪᠦᠯᠢᠶᠠᠨ ᠣᠰᠣᠨ ᠳᠤ ᠵᠢᠭᠠᠬᠠᠨ ᠰᠢᠨᠠᠭ᠎ᠠ ᠬᠢᠷᠢᠲᠡᠢ ᠲᠠᠪᠣᠰᠣ ᠬᠢᠵᠦ ᠪᠦᠷᠢᠮᠦᠰᠦᠨ ᠠᠭᠤᠰᠣᠬᠰᠠᠨ ᠤ ᠲᠠᠷᠠᠭ᠎ᠠ ᠱᠠ ᠪᠦᠰ ᠢᠶᠠᠨ ᠣᠰᠣᠨ ᠳᠤ ᠲᠡᠪᠲᠦᠭᠡᠨ᠎ᠠ᠃ ᠬᠠᠮᠤᠬ ᠰᠡᠬᠦᠯ ᠳᠤᠨᠢ ᠱᠠ ᠪᠦᠰ ᠢᠶᠠᠨ ᠲᠦᠷᠪᠡᠯᠵᠢᠨ ᠬᠡᠯᠪᠡᠷᠢᠲᠡᠢ ᠪᠣᠯᠭᠠᠨ ᠨᠣᠭᠤᠯᠵᠦ ᠬᠠᠪᠣᠳᠴᠦ ᠬᠦᠭᠡᠷᠡᠭᠰᠡᠨ ᠨᠢᠲᠣᠨ ᠲᠡᠭᠡᠷ᠎ᠡ ᠪᠠᠨ ᠲᠠᠯᠪᠢᠪᠠᠯ ᠪᠣᠯᠴᠢᠬᠠᠨ᠎ᠠ᠃      6. ᠬᠠᠷ᠎ᠠ ᠺᠣᠹᠧ ᠣᠣᠭᠤᠬᠤ᠄ ᠬᠠᠷ᠎ᠠ ᠺᠣᠹᠧ ᠳᠤ ᠠᠭᠤᠯᠣᠬᠲᠠᠬᠤ ᠺᠣᠹᠶ᠋ᠢᠨ ᠨᠢ ᠣᠰᠣ ᠶᠢ ᠭᠠᠲᠠᠬᠰᠢᠯᠠᠭᠤᠯᠬᠤ ᠦᠢᠯᠡᠲᠦᠯ ᠲᠠᠢ ᠪᠠᠶᠢᠵᠦ᠂ ᠬᠠᠪᠣᠳᠴᠦ ᠬᠦᠭᠡᠷᠡᠭᠰᠡᠨ ᠨᠢᠲᠣ ᠶᠢ ᠨᠠᠮᠲᠠᠭᠠᠬᠤ ᠳᠤ ᠣᠨᠴᠠ ᠦᠢᠯᠡᠲᠦᠯ ᠲᠠᠢ ᠪᠢᠯᠡ᠃ ᠦᠷᠯᠦᠭᠡ ᠶᠢᠨ ᠬᠤᠭᠤᠯᠠᠨ ᠤ ᠲᠠᠷᠠᠭ᠎ᠠ ᠨᠢᠭᠡ ᠴᠣᠮᠣ ᠬᠠᠷ᠎ᠠ ᠺᠣᠹᠧ ᠣᠣᠭᠤᠪᠠᠯ ᠪᠠᠷᠤᠬ 30 ᠮᠢᠨᠦᠲ ᠤᠨ ᠲᠠᠷᠠᠭ᠎ᠠ ᠨᠢᠲᠦᠨ ᠤ ᠬᠠᠪᠣᠳᠴᠦ ᠬᠦᠭᠡᠷᠡᠭᠰᠡᠨ ᠪᠠᠶᠢᠲᠠᠯ ᠨᠠᠮᠲᠠᠲᠠᠬ ᠶᠣᠮ᠃ ᠲᠡᠭᠡᠬᠦ ᠳᠡᠭᠡᠨ ᠬᠡᠲᠦ ᠢᠯᠡᠬᠦᠦ ᠣᠣᠭᠤᠬᠤ ᠠᠴᠠ ᠰᠡᠷᠭᠡᠶᠢᠯᠡᠵᠦ᠂ ᠣᠨᠴᠠᠭᠠᠢᠢᠯᠠᠨ ᠪᠦᠰᠡᠬᠦ᠋ᠢᠴᠣᠳ ᠬᠠᠷ᠎ᠠ ᠺᠣᠹᠧ ᠬᠡᠲᠦᠷᠡᠲᠡᠯ᠎ᠡ ᠣᠣᠭᠤᠪᠠᠯ ᠡᠷᠡᠬᠦᠯ ᠮᠠᠨᠲᠣ ᠶᠢ ᠨᠦᠯᠦᠭᠡᠯᠡᠬᠦ ᠪᠣᠯᠣᠨ᠎ᠠ᠃                         
ᠢᠷᠡᠯᠲᠡ᠄ ᠠᠯᠠᠱᠠ ᠵᠡᠭᠦᠨ ᠬᠤᠰᠢᠭᠤᠨ ᠤ ᠠᠷᠠᠳ ᠤᠨ ᠵᠠᠰᠠᠭ ᠤᠨ ᠣᠷᠳᠤᠨ