ᠤᠷᠠᠳᠴᠤᠳ ᠤᠨ ᠰᠠᠳᠤᠨ ᠲᠦᠷᠦᠯ ᠤᠨ ᠬᠤᠭᠤᠷᠤᠨᠳᠤᠬᠢ ᠲᠠᠭᠤᠳᠠᠯᠭ᠎ᠠ ︵ᠨᠢᠭᠡ︶
ᠨᠡᠶᠢᠲᠡᠯᠡᠭᠰᠡᠨ ᠴᠠᠭ᠄
2022/5/12
     ᠤᠷᠠᠳᠴᠤᠳ ᠤᠨ ᠰᠠᠳᠤᠨ ᠲᠦᠷᠦᠯ ᠤᠨ ᠬᠤᠭᠤᠷᠤᠨᠳᠤᠬᠢ ᠲᠠᠭᠤᠳᠠᠯᠭ᠎ᠠ ︵ᠨᠢᠭᠡ︶      ᠲᠦᠷᠦᠯ ᠭᠡᠳᠡᠭ ᠪᠣᠯ ᠡᠴᠢᠭᠡ ᠶᠢᠨ ᠰᠢᠰᠲ᠋ᠧᠮ ᠤᠨ ᠨᠢᠭᠡ ᠤᠳᠤᠮ ᠤᠭᠰᠠᠭᠠᠨ ᠤ ᠶᠠᠰᠤᠨ ᠲᠦᠷᠦᠯ ᠢ ᠵᠢᠭᠠᠵᠤ ᠪᠤᠢ᠃ ᠰᠠᠳᠤᠨ ᠭᠡᠳᠡᠭ ᠪᠣᠯ ᠡᠬᠡ ᠶᠢᠨ ᠰᠢᠰᠲ᠋ᠧᠮ ᠤᠨ ᠨᠠᠭᠠᠴᠤ ᠨᠠᠷ ᠪᠠ ᠠᠪᠠᠭ᠎ᠠ ᠡᠭᠡᠴᠢ ᠬᠦᠷᠭᠡᠳ ᠪᠤᠯᠤᠨ ᠲᠡᠲᠡᠨ ᠤ ᠬᠡᠤᠬᠡᠳ ᠪᠠᠭᠳᠠᠨ᠎ᠠ᠃ ᠬᠦᠮᠦᠨ ᠤ ᠪᠡᠶ᠎ᠡ ᠶᠢᠨ ᠪᠦᠳᠦᠴᠡ ᠳᠤ ᠡᠬᠡ ᠶᠢᠨ ᠴᠢᠰᠤᠨ ᠠᠴᠠ ᠦᠷ᠎ᠡ ᠶᠢᠨ ᠴᠢᠰᠤ ᠮᠢᠬ᠎ᠠ ᠪᠦᠳᠦᠳᠡᠭ ᠪᠤᠯᠬᠤᠷ ᠡᠬᠡ ᠶᠢᠨ ᠲᠠᠯ᠎ᠠ ᠶᠢ ᠪᠠᠰᠠ ᠴᠢᠰᠤᠨ ᠲᠦᠷᠦᠯ ᠭᠡᠳᠡᠭ᠃ ᠰᠦᠯᠪᠡᠭᠡ ᠭᠡᠳᠡᠭ ᠪᠣᠯ ᠬᠤᠯᠠ ᠶᠢᠨ ᠰᠠᠳᠤᠨ ᠢ ᠬᠡᠯᠡᠳᠡᠭ᠃ ᠡᠴᠢᠭᠡ ᠡᠬᠡ ᠶᠢᠨ ᠲᠦᠷᠦᠯ ᠰᠠᠳᠤᠨ ᠠᠴᠠ ᠠᠷᠠᠢ ᠵᠠᠶᠢᠳᠠᠭᠤ ᠦᠭᠡᠷ᠎ᠡ ᠤᠪᠤᠭ ᠤᠨ ᠤᠶᠢᠷ᠎ᠠ ᠬᠠᠮᠢᠶᠠᠳᠠᠨ ᠪᠤᠯᠤᠨ᠎ᠠ᠃      ᠡᠴᠢᠭᠡ ᠶᠢᠨ ᠲᠠᠯ᠎ᠠ ᠶᠢᠨ ᠬᠤᠭᠤᠷᠤᠨᠳᠤᠬᠢ ᠲᠠᠭᠤᠳᠠᠯᠭ᠎ᠠ᠄      ᠡᠴᠢᠭᠡ ᠭᠡᠳᠡᠭ ᠪᠣᠯ ᠦᠷ᠎ᠡ ᠪᠡᠶ᠎ᠡ ᠲᠤᠭᠲᠠᠬᠤ ᠦᠶ᠎ᠡ ᠳᠤ ᠲᠠᠷᠢᠬᠢ᠂ ᠶᠠᠰᠤ᠂ ᠰᠢᠷᠪᠤᠰᠦ᠂ ᠴᠢᠮᠦᠭᠡ ᠶᠢ ᠪᠦᠳᠦᠭᠡᠳᠡᠭ ᠡᠷᠡᠭᠲᠡᠢ ᠬᠦᠮᠦᠨ ᠢ ᠵᠢᠭᠠᠵᠤ ᠪᠠᠶᠢᠨ᠎ᠠ᠃      ᠡᠬᠡ ᠭᠡᠳᠡᠭ ᠪᠣᠯ ᠦᠷ᠎ᠡ ᠪᠡᠶ᠎ᠡ ᠲᠤᠭᠲᠠᠬᠤ ᠦᠶ᠎ᠡ ᠳᠤ ᠴᠢᠰᠤ ᠮᠢᠬ᠎ᠠ᠂ ᠲᠠᠪᠤᠨ ᠴᠤᠯᠤ ᠵᠢᠷᠭᠤᠭᠠᠨ ᠰᠠᠪᠠ ᠶᠢ ᠪᠦᠳᠦᠭᠡᠭᠰᠡᠨ ᠡᠮᠡᠭᠲᠡᠢ ᠬᠦᠮᠦᠨ ᠢ ᠵᠢᠭᠠᠵᠤ ᠪᠠᠶᠢᠨ᠎ᠠ᠃      ᠲᠡᠭᠡᠭᠰᠢ ᠪᠠᠨ ᠦᠶ᠎ᠡ ᠲᠠᠷᠠᠭᠠᠯᠠᠨ ᠵᠢᠭᠰᠠᠭᠠᠪᠠᠯ᠄ ᠡᠪᠦᠭᠡ ᠡᠮᠡᠭᠡ — — ᠡᠯᠦᠨᠴᠡ ᠡᠪᠦᠭᠡ ᠡᠮᠡᠭᠡ — — ᠬᠤᠯᠤᠨᠴᠠ ᠡᠪᠦᠭᠡ ᠡᠮᠡᠭᠡ — — ᠡᠯᠦᠨ ᠡᠪᠦᠭᠡ ᠡᠮᠡᠭᠡ — — ᠬᠤᠯᠤᠨ ᠡᠪᠦᠭᠡ ᠡᠮᠡᠭᠡ — — ᠬᠤᠯᠪᠤᠭ᠎ᠠ ᠡᠪᠦᠭᠡ ᠡᠮᠡᠭᠡ — — ᠦᠨᠳᠦᠷ ᠡᠪᠦᠭᠡ ᠡᠮᠡᠭᠡ ᠭᠡᠬᠦ ᠮᠡᠳᠦ ᠪᠠᠷ ᠲᠠᠭᠤᠳᠠᠨ᠎ᠠ᠃     ᠪᠡᠶ᠎ᠡ ᠠᠴᠠ ᠲᠤᠤᠷᠠᠬᠢ ᠦᠶ᠎ᠡ ᠶᠢᠨ ᠲᠦᠷᠦᠯ ᠤᠨ ᠲᠠᠭᠤᠳᠠᠯᠭ᠎ᠠ᠄      ᠪᠡᠷᠢ — — ᠦᠪᠡᠷ ᠲᠤ ᠬᠠᠤᠯᠢ ᠶᠤᠰᠤᠭᠠᠷ ᠪᠠᠳᠤᠯᠠᠭᠳᠠᠵᠤ ᠦᠰᠦ ᠬᠤᠯᠪᠤᠭᠰᠠᠨ ᠦᠭᠡᠷ᠎ᠡ ᠤᠪᠤᠭ ᠤᠨ ᠡᠮᠡᠭᠲᠡᠢ ᠶᠢ ᠵᠢᠭᠠᠵᠤ ᠪᠤᠢ᠃      ᠲᠡᠬᠦᠦ ᠪᠡᠷᠢ᠄ ᠦᠪᠡᠷ ᠠᠴᠠ ᠲᠤᠤᠷᠠᠬᠢ ᠦᠶ᠎ᠡ ᠨᠢᠭᠡᠪᠤᠷᠢ ᠶᠢᠨ ᠬᠤᠷᠢᠮᠯᠠᠵᠤ ᠪᠠᠭᠤᠯᠭᠠᠭᠰᠠᠨ ᠪᠤᠰᠤᠳ ᠤᠪᠤᠭ ᠤᠨ ᠦᠬᠢᠳ ᠢ ᠵᠢᠭᠠᠵᠤ ᠪᠤᠢ᠂ ᠬᠦᠦ ᠪᠡᠷᠢ᠂ ᠠᠴᠢ ᠪᠡᠷᠢ ᠬᠡᠬᠦ ᠮᠡᠳᠦ᠃     ᠬᠦᠦ ᠬᠡᠤᠬᠡᠨ — — ᠦᠪᠡᠷ ᠠᠴᠠ ᠲᠦᠷᠦᠭᠰᠡᠨ ᠬᠡᠤᠬᠡᠳ ᠤᠨ ᠡᠷᠡᠭᠲᠡᠢ ᠶᠢ ᠨᠢ ᠬᠦᠦ᠂ ᠡᠮᠡᠭᠳᠡᠢ ᠶᠢ ᠨᠢ ᠬᠡᠤᠬᠡᠨ ᠬᠡᠨ᠎ᠡ᠃      ᠦᠶ᠎ᠡ ᠲᠠᠷᠠᠭᠠᠯᠠᠨ ᠲᠤᠷᠤᠭᠰᠢ ᠵᠢᠭᠰᠠᠭᠠᠪᠠᠯ᠄ ᠠᠴᠢ ︵ᠤᠮᠪᠤᠯᠤ︶ ᠬᠦᠦ᠂ ᠪᠡᠷᠢ — — ᠵᠢᠴᠢ ᠬᠦᠦ ᠪᠡᠷᠢ — — ᠵᠢᠴᠢᠨᠴᠢᠷ ᠬᠦᠦ ᠪᠡᠷᠢ — — ᠭᠤᠴᠢ ᠬᠦᠦ ᠪᠡᠷᠢ — — ᠭᠤᠴᠢᠨᠴᠢᠷ ᠬᠦᠦ ᠪᠡᠷᠢ — — ᠵᠢᠯᠡᠢᠬᠦᠢ ᠬᠦᠦ ᠪᠡᠷᠢ — — ᠲᠠᠯᠢᠢᠬᠦᠢ ᠬᠦᠦ ᠪᠡᠷᠢ ᠭᠡᠵᠤ ᠲᠠᠭᠤᠳᠠᠨ᠎ᠠ᠃      ᠬᠦᠨᠳᠡᠯᠡᠨ ᠦᠶ᠎ᠡ ᠶᠢᠨ ᠲᠦᠷᠦᠯ ᠬᠠᠷᠢᠯᠴᠠᠨ ᠲᠠᠭᠤᠳᠠᠯᠴᠠᠬᠤ ᠶᠤᠰᠤᠨ᠄      ᠠᠬ᠎ᠠ — — ᠨᠢᠭᠡ ᠡᠬᠡ ᠠᠴᠠ ᠲᠦᠷᠦᠭᠰᠡᠨ ᠡᠴᠢᠭᠡ ᠨᠢᠭᠡᠲᠡᠢ᠂ ᠡᠰᠡᠬᠦᠯ᠎ᠡ ᠡᠴᠢᠭᠡ ᠨᠢᠭᠡᠲᠡᠢ᠂ ᠡᠬᠡ ᠦᠭᠡᠷ᠎ᠡ᠂ ᠡᠰᠡᠬᠦᠯ᠎ᠡ ᠡᠬᠡ ᠨᠢᠭᠡᠲᠡᠢ ᠡᠴᠢᠭᠡ ᠦᠭᠡᠷ᠎ᠡ ᠨᠠᠰᠤ ᠪᠠᠷ ᠶᠡᠭᠡ ᠡᠷᠡᠭᠲᠡᠢ ᠬᠦᠮᠦᠨ ᠢ ᠠᠬ᠎ᠠ ᠭᠡᠳᠡᠭ᠃      ᠪᠡᠷᠭᠡᠨ — — ᠠᠬ᠎ᠠ ᠶᠢᠨ ᠪᠦᠰᠡᠬᠦᠢ ᠶᠢ ᠪᠡᠷᠭᠡᠨ ᠭᠡᠵᠤ ᠲᠠᠭᠤᠳᠠᠨ᠎ᠠ᠃ ᠪᠡᠶ᠎ᠡ ᠠᠴᠠ ᠲᠡᠭᠡᠭᠰᠢᠬᠢ ᠤᠯᠠᠨ ᠦᠶ᠎ᠡ ᠶᠢᠨ ᠪᠤᠰᠤᠳ ᠤᠪᠤᠭ ᠠᠴᠠ ᠪᠠᠭᠤᠯᠭᠠᠨ ᠠᠪᠤᠭᠰᠠᠨ ᠬᠦᠨᠳᠡᠯᠡᠨ ᠦᠶ᠎ᠡ ᠶᠢᠨ ᠡᠮᠡᠭᠳᠡᠶᠢᠴᠤᠳ ᠤᠨ ᠨᠡᠶᠢᠲᠡ ᠶᠢᠨ ᠲᠠᠭᠤᠳᠠᠯᠭ᠎ᠠ ᠪᠤᠯᠵᠤ ᠪᠤᠢ᠃ ᠲᠠᠷᠤᠢ ᠨᠠᠭᠠᠴᠤ ᠪᠡᠷᠭᠡᠨ᠂ ᠠᠪᠠᠭ᠎ᠠ ᠪᠡᠷᠭᠡᠨ ᠬᠡᠬᠦ ᠮᠡᠳᠦ᠃     ᠠᠪᠠᠭ᠎ᠠ — — ᠡᠴᠢᠭᠡ ᠯᠦᠭᠡ ᠬᠡᠪᠡᠯᠢ ᠨᠢᠭᠡᠲᠡᠢ ᠠᠬ᠎ᠠ ᠲᠡᠬᠦᠦ ᠶᠢ ᠬᠡᠯᠡᠨ᠎ᠡ᠃     ᠠᠪᠠᠭ᠎ᠠ ᠪᠡᠷᠭᠡᠨ — — ᠠᠪᠠᠭ᠎ᠠ ᠶᠢᠨ ᠪᠦᠰᠡᠬᠦᠢ ᠶᠢ ᠬᠡᠯᠡᠨ᠎ᠡ᠃    ᠠᠪᠠᠭ᠎ᠠ ᠡᠭᠡᠴᠢ — — ᠡᠴᠢᠭᠡ ᠲᠠᠢ ᠡᠬᠡ ᠨᠢᠭᠡᠲᠡᠢ ᠦᠬᠢᠳ ᠢ ᠵᠢᠭᠠᠨ᠎ᠠ᠃     ᠠᠪᠠᠭ᠎ᠠ ᠬᠦᠷᠭᠡᠨ ᠠᠬ᠎ᠠ — — ᠠᠪᠠᠭ᠎ᠠ ᠡᠭᠡᠴᠢ ᠲᠠᠢ ᠬᠠᠤᠯᠢ ᠶᠤᠰᠤᠭᠠᠷ ᠬᠤᠷᠢᠮᠯᠠᠭᠰᠠᠨ ᠡᠷᠡᠭᠲᠡᠢ ᠢ ᠭᠡᠯᠡᠨ᠎ᠡ᠃     ᠦᠶ᠎ᠡ ᠲᠠᠷᠠᠭᠠᠯᠠᠨ ᠲᠡᠭᠡᠭᠰᠢ ᠵᠢᠭᠰᠠᠭᠠᠪᠠᠯ᠄     ᠠᠪᠠᠭ᠎ᠠ ᠡᠴᠢᠭᠡ ᠡᠬᠡ — — ᠠᠪᠠᠭ᠎ᠠ ᠡᠪᠦᠭᠡ ᠡᠮᠡᠭᠡ — — ᠠᠪᠠᠭ᠎ᠠ ᠡᠯᠦᠨᠴᠡ ᠡᠪᠦᠭᠡ ᠡᠮᠡᠭᠡ — — ᠠᠪᠠᠭ᠎ᠠ ᠬᠤᠯᠤᠨᠴᠠ ᠡᠪᠦᠭᠡ ᠡᠮᠡᠭᠡ — — ᠠᠪᠠᠭ᠎ᠠ ᠡᠯᠦᠨ ᠡᠪᠦᠭᠡ ᠡᠮᠡᠭᠡ — — ᠠᠪᠠᠭ᠎ᠠ ᠬᠤᠯᠤᠨ ᠡᠪᠦᠭᠡ ᠡᠮᠡᠭᠡ — — ᠠᠪᠠᠭ᠎ᠠ ᠬᠤᠯᠪᠤᠭ᠎ᠠ ᠡᠪᠦᠭᠡ ᠡᠮᠡᠭᠡ — — ᠠᠪᠠᠭ᠎ᠠ ᠦᠨᠳᠦᠷ ᠡᠪᠦᠭᠡ ᠡᠮᠡᠭᠡ ᠭᠡᠵᠤ ᠲᠠᠭᠤᠳᠠᠨ᠎ᠠ᠃     ᠡᠬᠡ ᠶᠢᠨ ᠲᠠᠯ᠎ᠠ ᠶᠢᠨ ᠲᠦᠷᠦᠯ ᠤᠨ ᠬᠤᠭᠤᠷᠤᠨᠳᠤᠬᠢ ᠲᠠᠭᠤᠳᠠᠯᠭ᠎ᠠ᠄    ᠨᠠᠭᠠᠴᠤ — — ᠡᠬᠡ ᠲᠠᠢ ᠬᠦᠢ ᠨᠢᠭᠡᠲᠡᠢ ᠡᠷᠡᠭᠲᠡᠢ ᠬᠦᠮᠦᠨ ᠢ ᠬᠡᠯᠡᠨ᠎ᠡ᠃     ᠨᠠᠭᠠᠴᠤ ᠪᠡᠷᠭᠡᠨ — — ᠨᠠᠭᠠᠴᠤ ᠲᠠᠢ ᠬᠠᠤᠯᠢ ᠶᠤᠰᠤᠭᠠᠷ ᠬᠤᠷᠢᠮᠯᠠᠨ ᠰᠠᠭᠤᠭᠰᠠᠨ ᠬᠦᠮᠦᠨ᠃     ᠨᠠᠭᠠᠴᠤ ᠡᠪᠦᠭᠡ ︵ᠨᠠᠭ᠎ᠠ ᠠᠪᠤ︶ ᠨᠠᠭᠠᠴᠤ ᠡᠮᠡᠭᠡ ︵ᠨᠠᠭ᠎ᠠ ᠡᠵᠢ︶ — — ᠡᠵᠢ ᠶᠢᠨ ᠠᠪᠤ ᠡᠵᠢ ᠶᠢ ᠬᠡᠯᠡᠨ᠎ᠡ᠃    ᠨᠠᠭᠠᠴᠤ ᠡᠭᠡᠴᠢ᠂ ᠨᠠᠭᠠᠴᠤ ᠬᠦᠷᠭᠡᠨ ᠠᠬ᠎ᠠ — — ᠡᠵᠢ ᠶᠢᠨ ᠡᠭᠡᠴᠢ ᠪᠤᠶᠤ ᠦᠬᠢᠨ ᠲᠡᠬᠦᠦ ᠵᠢᠴᠢ ᠲᠡᠬᠦᠨ ᠲᠠᠢ ᠬᠤᠷᠢᠮᠯᠠᠨ ᠰᠠᠭᠤᠭᠰᠠᠨ ᠬᠦᠮᠦᠨ᠃    ᠮᠦᠩᠬᠡᠴᠢᠯᠠᠭᠤ ᠶᠢᠨ ︽ᠬᠦᠮᠦᠵᠢᠯ ᠤᠨ ᠬᠦᠬᠡ ᠪᠡᠯᠡᠭ︾ ᠠᠴᠠ ᠪᠠᠭᠤᠯᠭᠠᠪᠠ    
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ