ᠤᠷᠠᠳᠴᠤᠳ ᠤᠨ ᠰᠠᠳᠤᠨ ᠲᠦᠷᠦᠯ ᠤᠨ ᠬᠤᠭᠤᠷᠤᠨᠳᠤᠬᠢ ᠲᠠᠭᠤᠳᠠᠯᠭ᠎ᠠ ︵ᠬᠤᠶᠠᠷ︶ | ᠪᠡᠶ᠎ᠡ ᠠᠴᠠ ᠲᠤᠤᠷᠠᠬᠢ ᠭᠤᠤᠯ ᠤᠭᠰᠠᠭ᠎ᠠ ᠶᠢᠨ ᠬᠤᠭᠤᠷᠤᠨᠳᠤᠬᠢ ᠲᠠᠭᠤᠳᠠᠯᠭ᠎ᠠ᠄ | ᠲᠡᠬᠦᠦ — — ᠡᠴᠢᠭᠡ ᠡᠬᠡ ᠨᠢᠭᠡᠲᠡᠢ᠂ ᠡᠰᠡᠬᠦᠯ᠎ᠡ ᠡᠴᠢᠭᠡ ᠨᠢᠭᠡᠲᠡᠢ᠂ ᠡᠬᠡ ᠦᠭᠡᠷ᠎ᠡ ᠲᠠᠢ᠂ ᠡᠰᠡᠬᠦᠯ᠎ᠡ ᠦᠶ᠎ᠡ ᠨᠢᠭᠡᠲᠡᠢ ᠴᠦ ᠦᠪᠡᠷ ᠠᠴᠠ ᠨᠠᠰᠤ ᠪᠠᠷ | ᠪᠠᠭ᠎ᠠ ᠡᠷᠡᠭᠲᠡᠢ ᠬᠦᠮᠦᠨ ᠢ ᠬᠡᠯᠡᠨ᠎ᠡ᠃ | ᠲᠡᠬᠦᠦ ᠪᠡᠷᠢ — — ᠡᠴᠢᠭᠡ ᠡᠬᠡ ᠨᠢᠭᠡᠲᠡᠢ ᠲᠡᠬᠦᠦ ᠶᠢᠨ ᠬᠤᠷᠢᠮᠯᠠᠨ ᠰᠠᠭᠤᠭᠰᠠᠨ ᠪᠤᠰᠤᠳ ᠤᠪᠤᠭ ᠤᠨ ᠡᠮᠡᠭᠲᠡᠢ ᠶᠢ ᠬᠡᠯᠡᠨ᠎ᠡ᠃ | ᠦᠶᠡᠯᠢᠳ ᠠᠬ᠎ᠠ ᠲᠡᠬᠦᠦ — — ᠡᠪᠦᠭᠡ ᠨᠢᠭᠡᠲᠡᠢ ᠠᠬ᠎ᠠ ᠲᠡᠬᠦᠦ ᠬᠤᠶᠠᠷ ᠤᠨ ᠬᠡᠤᠬᠡᠳ ᠢ ᠬᠡᠯᠡᠨ᠎ᠡ᠃ | ᠦᠶᠡᠯᠢᠳ ᠪᠡᠷᠢᠶᠡᠳ — — ᠦᠶᠡᠯᠢᠳ ᠠᠬ᠎ᠠ ᠲᠡᠬᠦᠦ ᠲᠠᠢ ᠬᠠᠤᠯᠢ ᠶᠤᠰᠤᠭᠠᠷ ᠬᠤᠷᠢᠮᠯᠠᠨ ᠰᠠᠭᠤᠭᠰᠠᠨ ᠪᠤᠰᠤᠳ ᠤᠪᠤᠭ ᠤᠨ ᠡᠮᠡᠭᠲᠡᠢ | ᠬᠤᠭᠤᠷᠤᠨᠳᠤ ᠪᠠᠨ ᠦᠶᠡᠯᠢᠳ ᠪᠡᠷᠢᠶᠡᠳ ᠪᠤᠯᠤᠯᠴᠠᠨᠠ᠃ | ᠦᠶ᠎ᠡ ᠲᠠᠷᠠᠭᠠᠯᠠᠨ ᠲᠤᠷᠤᠭᠰᠢ ᠵᠢᠭᠰᠠᠭᠠᠪᠠᠯ᠄ ᠬᠠᠶᠠᠯᠢᠳ ᠠᠬ᠎ᠠ ᠲᠡᠬᠦᠦ᠂ ᠬᠠᠶᠠᠯᠢᠳ ᠪᠡᠷᠢᠶᠡᠳ — ᠦᠶ᠎ᠡ ᠠᠬ᠎ᠠ ᠲᠡᠬᠦᠦ᠂ ᠦᠶ᠎ᠡ ᠪᠡᠷᠢᠶᠡᠳ — ᠬᠠᠶᠠ | ᠠᠬ᠎ᠠ ᠲᠡᠬᠦᠦ᠂ ᠬᠠᠶᠠ ᠪᠡᠷᠢᠶᠡᠳ — ᠦᠶᠡᠨᠴᠢᠷ ᠠᠬ᠎ᠠ ᠲᠡᠬᠦᠦ᠂ ᠦᠶᠡᠨᠴᠢᠷ ᠪᠡᠷᠢᠶᠡᠳ — ᠬᠠᠶᠠᠨᠴᠢᠷ ᠠᠬ᠎ᠠ ᠲᠡᠬᠦᠦ᠂ ᠬᠠᠶᠠᠨᠴᠢᠷ ᠪᠡᠷᠢᠶᠡᠳ — | ᠲᠦᠷᠦᠯ ᠤᠨ ᠠᠬ᠎ᠠ ᠲᠡᠬᠦᠦ᠂ ᠲᠦᠷᠦᠯ ᠤᠨ ᠪᠡᠷᠢᠶᠡᠳ — ᠠᠶᠢᠮᠠᠭ ᠤᠨ ᠠᠬ᠎ᠠ ᠲᠡᠬᠦᠦ᠂ ᠠᠶᠢᠮᠠᠭ ᠤᠨ ᠪᠡᠷᠢᠶᠡᠳ ᠭᠡᠵᠤ ᠲᠠᠭᠤᠳᠠᠯᠴᠠᠨᠠ᠃ | ᠲᠤᠤᠷ᠎ᠠ ᠨᠢᠭᠡ ᠦᠶ᠎ᠡ ᠶᠢᠨ ᠬᠡᠤᠬᠡᠳ ᠤᠳ ᠤᠨ ᠬᠤᠭᠤᠷᠤᠨᠳᠤᠬᠢ ᠲᠠᠭᠤᠳᠠᠯᠭ᠎ᠠ᠄ | ᠦᠶᠡᠯᠢᠳ ᠠᠬ᠎ᠠ ᠲᠡᠬᠦᠦ — — ᠠᠬ᠎ᠠ ᠲᠡᠬᠦᠦ ᠬᠤᠶᠠᠷ ᠤᠨ ᠬᠡᠤᠬᠡᠳ᠂ ᠤᠪᠤᠭ ᠨᠢᠭᠡᠲᠡᠢ᠃ | ᠪᠦᠯᠦ ᠠᠬ᠎ᠠ ᠲᠡᠬᠦᠦ — — ᠡᠬᠡᠴᠢ ᠦᠬᠢᠨ ᠲᠡᠬᠦᠦ ᠬᠤᠶᠠᠷ ᠤᠨ ᠬᠡᠤᠬᠡᠳ ︵ᠨᠠᠭᠠᠨᠴᠢᠷ ᠪᠤᠶᠤ ᠠᠬ᠎ᠠ ᠦᠬᠢᠨ ᠲᠡᠬᠦᠦ᠂ ᠡᠭᠡᠴᠢ ᠬᠦᠦ ᠲᠡᠬᠦᠦ | ᠬᠤᠶᠠᠷ ᠤᠨ ᠬᠡᠤᠬᠡᠳ ︵ᠪᠦᠯᠦᠨᠴᠢᠷ︶ ᠬᠤᠭᠤᠷᠤᠨᠳᠤ ᠪᠠᠨ ᠪᠦᠯᠦ ᠠᠬ᠎ᠠ ᠲᠡᠬᠦᠦ ᠪᠤᠯᠤᠯᠴᠠᠨᠠ᠃ ᠠᠳᠠᠯᠢ ᠪᠤᠰᠤ ᠤᠪᠤᠭᠳᠠᠨ᠃ | ᠠᠴᠢ᠂ ᠠᠴᠢ ᠪᠡᠷᠢ — — ᠠᠬ᠎ᠠ ᠲᠡᠬᠦᠦ ᠶᠢᠨ ᠬᠡᠤᠬᠡᠳ᠂ ᠠᠴᠢ ᠲᠠᠢ ᠬᠤᠷᠢᠮᠯᠠᠨ ᠰᠠᠭᠤᠭᠰᠠᠨ ᠪᠤᠰᠤᠳ ᠤᠪᠤᠭ ᠤᠨ ᠡᠮᠡᠭᠲᠠᠢ ᠶᠢ ᠠᠴᠢ ᠪᠡᠷᠢ ᠬᠡᠨ᠎ᠡ᠃ | | ᠠᠴᠢᠨᠴᠢᠷ᠂ ᠠᠴᠢᠨᠴᠢᠷ ᠪᠡᠷᠢ — — ᠠᠴᠢ ᠬᠦᠦ ᠶᠢᠨ ᠬᠦᠦ ᠪᠠ ᠲᠡᠬᠦᠨ ᠲᠠᠢ ᠬᠤᠷᠢᠮᠯᠠᠨ ᠰᠠᠭᠤᠭᠰᠠᠨ ᠪᠤᠰᠤᠳ ᠤᠪᠤᠭ ᠤᠨ ᠡᠮᠡᠭᠲᠡᠢ ᠶᠢ ᠬᠡᠯᠡᠨ᠎ᠡ᠃ | | ᠵᠢᠭᠡ᠂ ᠵᠢᠭᠡ ᠪᠡᠷᠢ — — ᠡᠭᠡᠴᠢ ᠦᠬᠢᠨ ᠲᠡᠬᠦᠦ ᠶᠢᠨ ᠬᠡᠤᠬᠡᠳ ᠪᠠ ᠲᠡᠬᠦᠨ ᠲᠠᠢ ᠬᠤᠷᠢᠮᠯᠠᠨ ᠰᠠᠭᠤᠭᠰᠠᠨ ᠪᠤᠰᠤᠳ ᠤᠪᠤᠭ ᠤᠨ ᠡᠮᠡᠭᠲᠡᠢ ᠶᠢ ᠬᠡᠯᠡᠨ᠎ᠡ | ᠃ | ᠵᠢᠭᠡᠨᠴᠢᠷ᠂ ᠵᠢᠭᠡᠨᠴᠢᠷ ᠪᠡᠷᠢ — — ᠵᠢᠭᠡ ᠬᠦᠦ ᠶᠢᠨ ᠬᠦᠦ᠃ ᠲᠡᠬᠦᠨ ᠲᠠᠢ ᠬᠤᠷᠢᠮᠯᠠᠨ ᠰᠠᠭᠤᠭᠰᠠᠨ ᠪᠤᠰᠤᠳ ᠤᠪᠤᠭ ᠤᠨ ᠡᠮᠡᠭᠲᠡᠢ ᠶᠢ ᠬᠡᠯᠡᠨ᠎ᠡ᠃ | ᠬᠠᠲᠠᠮ ᠤᠨ ᠲᠠᠯ᠎ᠠ ᠶᠢᠨ ᠪᠡᠶ᠎ᠡ ᠠᠴᠠ ᠲᠤᠷᠤᠭᠰᠢᠬᠢ ᠲᠦᠷᠦᠯ ᠤᠨ ᠲᠠᠭᠤᠳᠠᠯᠭ᠎ᠠ᠄ | ᠪᠠᠵᠠ — — ᠡᠭᠡᠴᠢ ᠦᠬᠢᠨ ᠲᠡᠬᠦᠦ ᠬᠤᠶᠠᠷ ᠤᠨ ᠡᠷᠡᠭᠲᠡᠢ ᠨᠢ ᠬᠤᠭᠤᠷᠤᠨᠳᠤ ᠪᠠᠨ ᠪᠠᠵᠠ ᠪᠤᠯᠤᠯᠴᠠᠨᠠ᠃ | ᠠᠪᠢᠰᠤᠨ ᠠᠵᠢᠨ — — ᠠᠬ᠎ᠠ ᠲᠡᠬᠦᠦ ᠬᠤᠶᠠᠷ ᠤᠨ ᠪᠦᠰᠡᠬᠦᠢ᠂ ᠠᠬ᠎ᠠ ᠶᠢᠨ ᠭᠡᠷᠭᠡᠢ ᠶᠢ ᠠᠪᠢᠰᠤᠨ᠂ ᠲᠡᠬᠦᠦ ᠶᠢᠨ ᠬᠡᠷᠬᠡᠢ ᠶᠢ ᠠᠵᠢᠨ ᠭᠡᠳᠡᠭ᠃ | ᠬᠦᠷᠢ ᠲᠡᠬᠦᠦ᠂ ᠬᠦᠷᠢ ᠲᠡᠬᠦᠦ ᠪᠡᠷᠢ — — ᠪᠦᠰᠡᠬᠦᠢ ᠶᠢᠨ ᠬᠦᠦ ᠲᠡᠬᠦᠦ᠂ ᠪᠦᠰᠡᠬᠦᠢ ᠨᠢ ᠬᠦᠷᠢ ᠲᠡᠬᠦᠦ ᠪᠡᠷᠢ ᠪᠤᠯᠤᠨ᠎ᠠ᠃ | ᠬᠦᠷᠢ ᠦᠬᠢᠨ ᠲᠡᠬᠦᠦ᠂ ᠬᠦᠷᠢ ᠬᠦᠷᠭᠡᠨ ᠲᠡᠬᠦᠦ — — ᠪᠦᠰᠡᠬᠦᠢ ᠶᠢᠨ ᠦᠬᠢᠨ ᠲᠡᠬᠦᠦ᠂ ᠡᠷ᠎ᠡ ᠨᠢ ᠲᠡᠷᠤᠢ ᠬᠦᠷᠢ ᠬᠦᠷᠭᠡᠨ ᠲᠡᠬᠦᠦ ᠪᠤᠯᠤᠨ᠎ᠠ᠃ | ᠰᠠᠳᠤᠨ ᠰᠦᠯᠪᠡᠭᠡ ᠪᠤᠶᠤ ᠰᠠᠳᠤᠨ ᠢᠶᠠᠷ ᠦᠵᠡᠬᠦ ᠲᠦᠷᠦᠯ ᠤᠨ ᠬᠤᠭᠤᠷᠤᠨᠳᠤᠬᠢ ᠲᠠᠭᠤᠳᠠᠯᠭ᠎ᠠ᠄ | ᠬᠤᠳᠠ ᠬᠤᠳᠠᠭᠠᠢ — — ᠪᠡᠷᠢ ᠪᠤᠭᠳᠤᠯᠠᠨ ᠠᠪᠴᠤ ᠦᠬᠢᠨ ᠢᠶᠠᠨ ᠪᠠᠭᠤᠯᠭᠠᠨ ᠦᠭᠬᠦᠭᠰᠡᠨ ᠬᠤᠶᠠᠷ ᠠᠶᠢᠯ ᠨᠢᠭᠡ ᠨᠢᠭᠡᠨ ᠳᠤ ᠪᠠᠨ ᠬᠤᠳᠠ ᠤᠷᠤᠭ | ᠪᠤᠯᠤᠯᠴᠠᠨᠠ᠃ | ᠬᠠᠳᠠᠮ — — ᠡᠷ᠎ᠡ ᠡᠮ᠎ᠡ ᠬᠤᠶᠠᠭᠤᠯᠠ ᠡᠰᠡᠷᠬᠦ ᠲᠠᠯ᠎ᠠ ᠶᠢᠨ ᠤᠶᠢᠷ᠎ᠠ ᠰᠠᠳᠤᠨ ᠲᠦᠷᠦᠯ ᠢᠶᠠᠨ ᠲᠠᠭᠤᠳᠠᠯᠴᠠᠬᠤ ᠲᠠᠭᠤᠳᠠᠯᠭ᠎ᠠ ᠪᠤᠯᠤᠨ᠎ᠠ᠃ | ᠬᠤᠶᠢᠳᠤ ᠠᠪᠤ᠂ ᠡᠵᠢ — — ᠠᠪᠤ ᠡᠵᠢ ᠨᠢ ᠲᠠᠬᠢᠨ ᠤᠷᠤᠭᠯᠠᠭᠰᠠᠨ ᠤ ᠲᠠᠷᠠᠭᠠᠬᠢ ᠲᠠᠭᠤᠳᠠᠯᠭ᠎ᠠ᠃ | ᠲᠡᠵᠢᠭᠡᠭᠰᠡᠨ ᠡᠴᠢᠭᠡ ᠡᠬᠡ — — ᠬᠡᠷ ᠲᠤ ᠪᠠᠨ ᠡᠷᠬᠦᠨ ᠠᠪᠴᠤ ᠦᠷᠡᠴᠢᠯᠡᠨ ᠦᠰᠭᠡᠵᠤ ᠪᠤᠶᠢᠵᠢᠭᠤᠯᠤᠭᠰᠠᠨ ᠠᠪᠤ ᠡᠵᠢ ᠶᠢ ᠬᠡᠯᠡᠨ᠎ᠡ᠃ | ᠬᠦᠬᠦᠬᠦᠯᠳᠦ ᠡᠬᠡ — — ᠨᠢᠯᠬ᠎ᠠ ᠪᠠᠯᠴᠢᠷ ᠦᠶ᠎ᠡ ᠳᠤ ᠶᠠᠮᠠᠷ ᠨᠢᠭᠡᠨ ᠰᠢᠯᠳᠠᠭᠠᠨ ᠠᠴᠠ ᠪᠤᠯᠵᠤ ᠬᠦᠬᠦᠬᠦᠯᠵᠤ ᠦᠰᠭᠡᠭᠰᠡᠨ ᠪᠤᠰᠤᠳ ᠤᠨ ᠡᠵᠢ ᠶᠢ | ᠬᠦᠬᠦᠬᠦᠯᠳᠦ ᠡᠵᠢ ᠭᠡᠨ᠎ᠡ᠃ | ᠰᠤᠨᠤᠭᠰᠠᠨ ︵ᠦᠶ᠎ᠡ ᠬᠤᠯᠠᠳᠤᠨ ᠰᠠᠯᠤᠭᠰᠠᠨ︶ ᠡᠭᠡᠴᠢ᠂ ᠦᠬᠢᠨ ᠲᠡᠬᠦᠦ — — ᠡᠭᠡᠴᠢ ᠨᠢ ᠰᠠᠯᠤᠭᠰᠠᠨ ᠪᠤᠶᠤ ᠨᠠᠰᠤ ᠪᠠᠷᠠᠭᠰᠠᠨ ᠤ ᠬᠤᠶᠢᠨ᠎ᠠ | ᠬᠦᠷᠭᠡᠨ ᠠᠬ᠎ᠠ ᠨᠢ ᠲᠠᠬᠢᠨ ᠤᠷᠤᠭᠯᠠᠵᠤ ᠬᠤᠷᠢᠮᠯᠠᠨ ᠰᠠᠭᠤᠭᠰᠠᠨ ᠪᠦᠰᠡᠬᠦᠢ ᠶᠢ ᠰᠤᠨᠤᠭᠰᠠᠨ ᠡᠭᠡᠴᠢ ᠭᠡᠳᠡᠭ᠃ ᠦᠬᠢᠨ ᠲᠡᠬᠦᠦ ᠴᠦ ᠮᠥᠨ ᠠᠳᠠᠯᠢ ᠪᠠᠷ ᠲᠠᠭᠤᠳᠠᠨ᠎ᠠ | ᠃ | ᠰᠤᠨᠤᠭᠰᠠᠨ ᠠᠪᠠᠭ᠎ᠠ ᠡᠭᠡᠴᠢ — — ᠠᠪᠠᠭ᠎ᠠ ᠡᠭᠡᠴᠢ ᠨᠢ ᠰᠠᠯᠤᠭᠰᠠᠨ ᠪᠤᠶᠤ ᠨᠠᠰᠤ ᠪᠠᠷᠠᠭᠰᠠᠨ ᠤ ᠬᠤᠶᠢᠨ᠎ᠠ ᠠᠪᠠᠭ᠎ᠠ ᠬᠦᠷᠭᠡᠨ ᠠᠬ᠎ᠠ ᠨᠢ ᠲᠠᠬᠢᠨ | ᠤᠷᠤᠭᠯᠠᠵᠤ ᠬᠤᠷᠢᠮᠯᠠᠨ ᠰᠠᠭᠤᠭᠰᠠᠨ ᠪᠦᠰᠡᠬᠦᠢ ᠶᠢ ᠰᠤᠨᠤᠭᠰᠠᠨ ᠠᠪᠠᠭ᠎ᠠ ᠡᠭᠡᠴᠢ ᠭᠡᠳᠡᠭ᠃ | ᠮᠦᠷᠬᠦᠬᠦᠯᠦᠭᠰᠡᠨ ᠡᠴᠢᠭᠡ ᠡᠬᠡ — — ᠦᠬᠢᠨ ᠢᠶᠠᠨ ᠤᠷᠤᠭᠯᠠᠵᠤ ᠦᠰᠦ ᠬᠠᠭᠠᠯᠤᠨ ᠭᠡᠵᠢᠭᠡ ᠤᠷᠢᠶᠠᠬᠤ ᠦᠶ᠎ᠡ ᠳᠤ ᠬᠠᠷ᠎ᠠ ᠴᠠᠭᠠᠨ ᠦᠷ᠎ᠡ ᠲᠡᠭᠰᠢ ︵ | ᠡᠯᠢᠭᠡ ᠪᠦᠳᠦᠨ ᠬᠦᠮᠦᠨ᠂ ᠬᠦᠦ ᠦᠬᠢᠨ ᠲᠡᠬᠦᠰ ᠬᠦᠮᠦᠨ︶ ᠡᠮᠡᠭᠲᠡᠢ ᠬᠦᠮᠦᠨ ᠢᠶᠠᠷ ᠦᠰᠦ ᠶᠢ ᠨᠢ ᠬᠠᠭᠠᠯᠤᠭᠤᠯᠤᠨ ᠮᠦᠷᠬᠦᠬᠦᠯᠦᠭᠰᠡᠨ ᠡᠬᠡ ᠲᠠᠨᠢᠵᠤ᠂ ᠲᠡᠬᠦᠨ ᠤ | ᠡᠷᠡᠭᠲᠡᠢ ᠶᠢ ᠨᠢ ᠮᠦ᠋ᠷᠬᠦᠬᠦᠯᠦᠭᠰᠡᠨ ᠡᠴᠢᠭᠡ ᠬᠡᠵᠤ ᠲᠠᠭᠤᠳᠠᠨ᠎ᠠ᠃ | ᠬᠠᠭᠤᠷᠠᠢ ᠡᠴᠢᠭᠡ ᠡᠬᠡ — — ᠠᠮᠢᠳᠤᠷᠠᠯ ᠤᠨ ᠶᠠᠮᠠᠷ ᠨᠢᠭᠡᠨ ᠰᠢᠯᠳᠠᠭᠠᠨ ᠠᠴᠠ ᠡᠨᠡ ᠬᠤᠶᠠᠷ ᠨᠠᠰᠤᠲᠠᠨ ᠢ ᠲᠦᠰᠢᠬᠦ ᠴᠢᠬᠤᠯᠠ ᠲᠠᠢ ᠪᠤᠯᠵᠤ ᠬᠠᠳᠠᠭ | ᠲᠠᠯᠪᠢᠨ ᠮᠦᠷᠬᠦᠵᠤ ᠡᠴᠢᠭᠡ ᠡᠬᠡ ᠪᠤᠯᠭᠠᠭᠰᠠᠨ ᠢ ᠬᠠᠭᠤᠷᠠᠢ ᠡᠴᠢᠭᠡ ᠡᠬᠡ ᠬᠡᠨ᠎ᠡ᠃ | | ᠮᠦᠩᠬᠡᠴᠢᠯᠠᠭᠤ ᠶᠢᠨ ︽ᠬᠦᠮᠦᠵᠢᠯ ᠤᠨ ᠬᠦᠬᠡ ᠪᠡᠯᠡᠭ︾ ᠠᠴᠠ ᠪᠠᠭᠤᠯᠭᠠᠪᠠ | |