ᠤᠷᠠᠳ ᠡᠮ ᠡᠮᠨᠡᠯᠭᠡ ᠶᠢᠨ ᠲᠦᠯᠦᠭᠡᠯᠡᠬᠦ ᠴᠢᠨᠠᠷᠲᠠᠢ ᠡᠮᠴᠢᠯᠡᠭᠡ᠄ ᠮᠤᠩᠭᠤᠯ ᠡᠮᠴᠢ ᠶᠢᠨ ᠪᠠᠷᠢᠶ᠎ᠠ ᠶᠢᠨ ᠵᠠᠰᠠᠯᠭ᠎ᠠ
ᠨᠡᠶᠢᠲᠡᠯᠡᠭᠰᠡᠨ ᠴᠠᠭ᠄
2022/5/12
      ᠪᠠᠷᠢᠶ᠎ᠠ ᠬᠢᠬᠦ ᠭᠡᠳᠡᠭ ᠪᠣᠯ ᠤᠷᠭᠤᠮᠠᠯ ᠤᠨ ᠬᠠᠯᠢᠰᠤ ᠪᠤᠶᠤ ᠠᠮᠢᠲᠠᠨ ᠤ ᠪᠠᠭᠠᠰᠤ᠂ ᠴᠢᠯᠠᠭᠤ ᠶᠢᠨ ᠵᠦᠢᠯ᠂ ᠬᠦᠵᠢ ᠵᠡᠷᠭᠡ ᠶᠢ ᠦᠢᠯᠡᠳᠴᠤ᠂ ᠡᠮ ᠲᠠᠢ ᠬᠤᠯᠢᠵᠤ ᠬᠠᠯᠠᠭᠤᠨ ᠵᠢᠩ ᠲᠠᠯᠪᠢᠬᠤ ᠵᠠᠰᠠᠯᠭ᠎ᠠ ᠶᠢ ᠵᠢᠭᠠᠵᠤ ᠪᠤᠢ᠃       ᠮᠤᠩᠭᠤᠯ ᠡᠮᠨᠡᠯᠭᠡ ᠶᠢᠨ ᠪᠠᠷᠢᠶ᠎ᠠ ᠶᠢᠨ ᠵᠠᠰᠠᠯᠭ᠎ᠠ ᠳᠤ ᠴᠠᠭᠠᠨ ᠪᠠᠷᠢᠶ᠎ᠠ᠂ ᠪᠤᠷᠤ ᠪᠠᠷᠢᠶ᠎ᠠ ᠪᠤᠢ᠃ ᠴᠠᠭᠠᠨ ᠪᠠᠷᠢᠶ᠎ᠠ ᠨᠢ ᠪᠤᠭᠤᠲᠠᠢ ᠶᠢᠨ ᠬᠠᠯᠢᠰᠤ᠂ ᠲᠡᠮᠡᠭᠡᠨ ᠬᠢᠷᠭᠤᠤᠯ ᠤᠨ ᠦᠨᠡᠰᠦ᠂ ᠴᠢᠯᠠᠭᠤᠨ ᠨᠡᠬᠦᠷᠡᠰᠦ᠂ ᠬᠦᠵᠢ ᠲᠡᠷᠢᠬᠦᠳᠡᠨ ᠢ ᠡᠮ ᠲᠠᠢ ᠵᠤᠬᠢᠴᠠᠭᠤᠯᠤᠨ ᠨᠠᠶᠢᠷᠠᠭᠤᠯᠵᠤ ᠲᠤᠭᠤᠭᠠᠨ ᠳᠤ ᠬᠢᠵᠤ ᠰᠠᠶᠢᠳᠤᠷ ᠬᠠᠯᠠᠭᠠᠭᠠᠳ᠂ ᠪᠦᠰ ᠤᠭᠤᠲᠠᠨ ᠳᠤ ᠰᠠᠪᠠᠯᠠᠵᠤ᠂ ᠬᠠᠯᠠᠭᠤᠨ ᠢᠶᠠᠷ ᠨᠢ ᠡᠪᠡᠳᠴᠢᠲᠡᠨ ᠤ ᠡᠪᠡᠳᠴᠤ ᠪᠠᠶᠢᠭ᠎ᠠ ᠭᠠᠵᠠᠷ ᠲᠤ ᠨᠢ ᠲᠠᠯᠪᠢᠬᠤ ᠪᠤᠶᠤ ᠲᠡᠭᠡᠷ᠎ᠡ ᠨᠢ ᠰᠠᠭᠤᠯᠭᠠᠵᠤ ᠲᠤᠭᠲᠠᠭᠰᠠᠨ ᠴᠠᠭ ᠬᠦᠷᠲᠡᠯ᠎ᠡ ᠵᠠᠰᠠᠳᠠᠭ᠂ ᠡᠨᠡᠬᠦ ᠵᠠᠰᠠᠯᠭ᠎ᠠ ᠶᠢᠨ ᠲᠠᠭᠠᠤ ᠬᠤᠷᠢᠨ ᠨᠢᠭᠡᠨ ᠡᠳᠦᠷ ᠤᠨ ᠵᠠᠰᠠᠯ ᠤᠨ ᠡᠮ ᠤᠤᠭᠤᠯᠭᠠᠵᠤ ᠵᠠᠰᠠᠬᠤ ᠶᠢ ᠬᠡᠯᠡᠨ᠎ᠡ᠃       ᠪᠤᠷᠤ ᠪᠠᠷᠢᠶ᠎ᠠ ᠭᠡᠳᠡᠭ ᠪᠣᠯ ᠡᠪᠡᠳᠴᠢᠲᠡᠨ ᠢ ᠮᠠᠯ ᠤᠨ ᠬᠠᠯᠠᠭᠤᠨ ᠰᠠᠪᠡᠰᠦᠨ ᠲᠡᠭᠡᠷ᠎ᠡ ᠰᠠᠭᠤᠯᠭᠠᠵᠤ ᠵᠠᠰᠠᠬᠤ ᠶᠢ ᠬᠡᠯᠡᠵᠤ ᠪᠤᠢ᠃ ᠮᠠᠯ ᠢ ᠠᠯᠠᠮᠠᠭᠴᠠ ᠲᠠᠷᠤᠢ ᠬᠦᠵᠡᠭᠡ ᠶᠢ ᠨᠢ ᠰᠡᠪᠡᠰᠦ ᠲᠠᠢ ᠨᠢ ᠭᠠᠷᠭᠠᠵᠤ ᠠᠪᠤᠭᠠᠳ ᠲᠤᠳᠤᠷ᠎ᠠ ᠨᠢ ᠡᠮ ᠤᠨ ᠵᠦᠢᠯ ᠢ ᠵᠤᠬᠢᠴᠠᠭᠤᠯᠤᠨ ᠬᠢᠵᠤ ᠬᠤᠯᠢᠭᠠᠳ ᠲᠡᠭᠡᠷ᠎ᠡ ᠨᠢ ᠡᠪᠡᠳᠴᠢᠲᠡᠨ ᠢ ᠵᠠᠶᠢᠳᠠᠯᠠᠭᠤᠯᠤᠨ ᠰᠠᠭᠤᠯᠭᠠᠵᠤ ᠰᠡᠪᠡᠰᠦᠨ ᠤ ᠬᠠᠯᠠᠭᠤᠨ ᠢᠶᠠᠷ ᠡᠪᠡᠳᠴᠢᠨ ᠵᠠᠰᠠᠬᠤ ᠶᠢ ᠵᠢᠭᠠᠵᠤ ᠪᠤᠢ᠃ ᠡᠬᠦᠨ ᠢ ᠮᠤᠩᠭᠤᠯ ᠡᠮᠨᠡᠯᠭᠡ ᠳᠤ ᠬᠦᠬᠦᠬᠦᠯᠭᠡ ᠶᠢᠨ ᠵᠠᠰᠠᠯᠭ᠎ᠠ ᠭᠡᠳᠡᠭ᠃ ᠡᠪᠡᠳᠴᠢᠲᠡᠨ ᠢ ᠡᠨᠡ ᠮᠡᠳᠦ ᠰᠡᠪᠡᠰᠦᠨ ᠳᠤ ᠰᠠᠭᠤᠯᠭᠠᠵᠤ ᠵᠠᠰᠠᠬᠤ ᠶᠢᠨ ᠬᠠᠮᠳᠤ ᠮᠥᠨ ᠴᠦ ᠬᠤᠷᠢᠨ ᠨᠢᠭᠡᠨ ᠡᠳᠦᠷ ᠤᠨ ᠵᠠᠰᠠᠯ ᠤᠨ ᠡᠮ ᠤᠤᠭᠤᠬᠤ ᠪᠠ ᠴᠡᠭᠡᠷ ᠬᠢᠬᠦ ᠶᠤᠰᠤᠲᠠᠢ ᠪᠠᠶᠢᠳᠠᠭ᠃     ᠡᠮᠡᠭᠳᠠᠶᠢᠴᠤᠳ ᠤᠨ ᠡᠩ ᠤᠨ ᠦᠶ᠎ᠡ ᠶᠢᠨ ᠡᠷᠡᠬᠦᠯ ᠬᠠᠮᠠᠭᠠᠯᠠᠯ ᠮᠠᠭᠤ᠂ ᠲᠤᠳᠤᠷ᠎ᠠ ᠦᠮᠦᠳᠤ ᠴᠡᠪᠡᠷ ᠪᠤᠰᠤ᠂ ᠬᠤᠷᠢᠴᠠᠯ ᠬᠡᠳᠦᠷᠡᠭᠰᠡᠨ᠂ ᠰᠠᠷ᠎ᠠ ᠳᠤ ᠰᠠᠭᠤᠵᠤ ᠴᠡᠭᠡᠷ ᠠᠯᠳᠠᠭᠰᠠᠨ᠂ ᠬᠦᠨᠳᠦ ᠭᠦᠴᠢᠷ ᠠᠵᠢᠯ ᠲᠤᠬᠢᠶᠠᠯᠳᠤᠭᠰᠠᠨ᠂ ᠲᠠᠭᠠᠷᠠᠵᠤ ᠬᠦᠷᠦᠭᠰᠡᠨ ᠠᠴᠠ ᠵᠢᠩ ᠴᠢᠬᠢᠭ ᠲᠤ ᠠᠪᠲᠠᠭᠳᠠᠭᠰᠠᠨ ᠵᠡᠷᠭᠡ ᠰᠢᠯᠲᠠᠭᠠᠨ ᠠᠴᠠ ᠪᠤᠯᠵᠤ ᠦᠨᠳᠡᠭᠡᠪᠴᠢ ᠶᠢᠨ ᠲᠤᠳᠤᠭᠠᠳᠤ ᠨᠦᠬᠦᠴᠡᠯ ᠲᠠᠢ ᠬᠢᠮᠤᠷᠠᠭᠰᠠᠨ ᠢᠶᠠᠷ ᠰᠠᠷ᠎ᠠ ᠶᠢᠨ ᠭᠬᠢᠷ ᠲᠡᠭᠰᠢ ᠪᠤᠰᠤ᠂ ᠤᠯᠠᠭᠠᠨ ᠴᠠᠭᠠᠨ ᠢᠶᠠᠷ ᠪᠠᠭᠤᠯᠭᠠᠵᠤ ᠢᠳᠡᠭᠡ ᠨᠦᠵᠢ ᠭᠠᠷᠬᠤ ᠪᠤᠶᠤ ᠦᠮᠡᠭᠡᠢ ᠦᠨᠦᠷ ᠲᠠᠢ ᠰᠢᠷ᠎ᠠ ᠦᠩᠭᠡ ᠲᠠᠢ ᠪᠤᠯᠵᠤ ᠴᠠᠭ ᠪᠤᠰᠤ ᠪᠠᠷ ᠴᠤᠪᠤᠷᠠᠬᠤ᠂ ᠤᠭᠤᠴᠠ ᠨᠢᠷᠤᠭᠤ ᠪᠠᠷ ᠡᠪᠡᠳᠬᠦ ᠬᠦᠰᠢᠬᠦ᠂ ᠬᠤᠶᠠᠷ ᠴᠠᠪᠢ ᠶᠢᠨ ᠬᠤᠩᠬᠤᠷ ᠢᠶᠠᠷ ᠲᠠᠲᠠᠯᠳᠤᠬᠤ᠂ ᠲᠠᠰᠢᠶ᠎ᠠ ᠪᠠᠷ ᠴᠢᠷᠦᠭᠳᠡᠬᠦ ᠴᠢᠨᠦᠷᠡᠬᠦ᠂ ᠬᠤᠶᠠᠷ ᠭᠤᠶ᠎ᠠ ᠶᠢᠨ ᠲᠤᠳᠤᠷ᠎ᠠ ᠪᠤᠯᠴᠢᠩ ᠲᠠᠲᠠᠯᠳᠤᠬᠤ᠂ ᠲᠠᠮᠢᠷ ᠲᠡᠩᠭᠡᠬᠡ ᠰᠤᠯᠠᠷᠠᠬᠤ ᠵᠡᠷᠭᠡ ᠢᠯᠡᠷᠡᠯ ᠲᠠᠢ ᠡᠪᠡᠳᠴᠢᠲᠡᠨ ᠳᠤ ᠲᠤᠬᠢᠷᠠᠨ᠎ᠠ᠃      ᠪᠤᠷᠤ ᠪᠠᠷᠢᠶ᠎ᠠ ᠶᠢᠨ ᠵᠠᠰᠠᠯᠭ᠎ᠠ ᠬᠢᠬᠦ ᠳᠤ ᠪᠠᠨ ᠪᠢᠯᠢᠭ ᠤᠨ ᠤᠯᠠᠷᠢᠯ ᠤᠨ ᠬᠠᠪᠤᠷ ᠤᠨ ᠰᠡᠬᠦᠯ ᠰᠠᠷ᠎ᠠ ᠪᠤᠶᠤ ᠵᠤᠨ ᠤ ᠡᠬᠢᠨ ᠰᠠᠷ᠎ᠠ ᠳᠤ ᠰᠠᠶ᠋ᠢ ᠰᠢᠨ᠎ᠠ ᠨᠤᠭᠤᠭᠠᠨ ᠳᠤ ᠴᠠᠳᠴᠤ ᠪᠠᠶᠢᠬᠤ ᠡᠷ᠎ᠡ ᠲᠦᠯᠦᠭᠡᠨ ᠬᠤᠨᠢ ᠶᠢ ᠨᠢᠳᠤᠯᠵᠤ ᠮᠠᠰᠢ ᠲᠦᠷᠭᠡᠨ ᠢᠶᠠᠷ ᠦᠪᠴᠢᠵᠤ ᠬᠦᠵᠡᠭᠡ ᠶᠢ ᠨᠢ ᠭᠠᠷᠭᠠᠵᠤ᠂ ᠭᠦᠵᠡᠭᠡ ᠲᠠᠢ ᠰᠡᠪᠡᠰᠦ ᠶᠢ ᠨᠢ ᠠᠪᠴᠤ ᠤᠯᠠᠭᠠᠨ ᠬᠤᠭᠤᠯᠠᠢ ᠶᠢ ᠨᠢ ᠵᠠᠩᠭᠢᠳᠴᠤ ᠠᠮᠠᠰᠠᠷ ᠢ ᠨᠢ ᠪᠢᠳᠡᠬᠦᠯᠡᠨ᠎ᠡ᠃ ᠡᠮᠴᠢ ᠡᠨᠡ ᠦᠶ᠎ᠡ ᠳᠤ ᠰᠢᠮᠢᠰᠢᠨ ᠵᠢᠷᠭᠤᠭ᠎ᠠ᠂ ᠤᠯᠤᠭᠠᠢ ᠶᠢᠨ ᠭᠡᠢ ᠶᠢᠨ ᠠᠷᠪᠠᠨ ᠭᠤᠷᠪᠠ ᠶᠢ ᠨᠢᠭᠡ ᠵᠢᠩ ᠠᠷᠢᠬᠢ ᠨᠢᠭᠡ ᠵᠢᠩ ᠼᠤᠤ ᠲᠠᠢ ᠪᠤᠴᠠᠯᠭᠠᠵᠤ ᠪᠡᠯᠡᠬᠡᠨ ᠪᠤᠯᠭᠠᠭᠰᠠᠨ ᠢᠶᠠᠨ ᠬᠦᠵᠡᠭᠡ ᠶᠢᠨ ᠠᠮᠠᠰᠠᠷ ᠢᠶᠠᠷ ᠨᠢ ᠰᠠᠪᠡᠰᠦᠨ ᠳᠤ ᠬᠤᠯᠢᠵᠤ᠂ ᠠᠮᠠᠰᠠᠷ ᠢ ᠨᠢ ᠤᠯᠤᠰᠤ ᠪᠠᠷ ᠴᠢᠩᠭ᠎ᠠ ᠪᠤᠭᠤᠵᠤ ᠠᠮᠠ ᠶᠢ ᠨᠢ ᠲᠤᠷᠤᠭᠰᠢ ᠬᠠᠨᠳᠤᠭᠤᠯᠵᠤ ᠢᠰᠡᠭᠡᠢ ᠲᠡᠪᠢᠰᠭᠡᠷ ᠲᠡᠭᠡᠷ᠎ᠡ ᠲᠠᠯᠪᠢᠨ ᠬᠦᠵᠡᠭᠡ ᠶᠢᠨ ᠬᠤᠶᠠᠷ ᠮᠤᠬᠤᠷ ᠪᠤᠯᠤᠩ ᠤᠨ ᠬᠤᠭᠤᠷᠤᠨᠳᠤᠬᠢ ᠬᠤᠯᠪᠤᠭᠠᠰᠤ ᠬᠤᠵᠢᠷᠬᠠᠢ ᠶᠢ ᠨᠢ ᠬᠤᠶᠠᠷ ᠭᠠᠷ ᠢᠶᠠᠷ ᠢᠶᠠᠨ ᠬᠤᠶᠠᠷ ᠲᠡᠶᠢᠰᠢ ᠨᠢ ᠲᠤᠭᠳᠤᠷᠴᠦ ᠪᠢᠳᠡᠬᠦᠦ ᠪᠠᠷ ᠨᠢ ᠰᠠᠯᠭᠠᠭᠠᠳ ᠡᠪᠡᠳᠴᠢᠲᠡᠨ ᠢᠶᠠᠨ ᠬᠦᠵᠡᠭᠡᠨ ᠲᠡᠭᠡᠷ᠎ᠡ ᠨᠢ ᠬᠤᠶᠠᠷ ᠡᠪᠤᠳᠦᠭ ᠢ ᠨᠢ ᠨᠤᠭᠤᠯᠵᠤ ᠰᠠᠭᠤᠯᠭᠠᠭᠠᠳ ᠬᠠᠯᠠᠭᠤᠪᠳᠤᠷ ᠠᠷᠠᠰᠤ ᠶᠢ ᠨᠢ ᠱᠠᠯᠳᠠᠩ ᠪᠡᠶ᠎ᠡ ᠳᠤᠨᠢ ᠨᠦᠮᠦᠷᠦᠬᠦᠯᠵᠤ ᠂ ᠨᠢᠮᠭᠡᠨ ᠬᠦᠨᠵᠢᠯᠡ ᠪᠠᠷ ᠪᠢᠳᠡᠬᠦᠦ ᠬᠤᠴᠢᠵᠤ ᠡᠪᠡᠳᠴᠢᠲᠡᠨ ᠤ ᠭᠠᠷ ᠲᠤ ᠨᠢ ᠰᠢᠪᠦᠭᠡ ᠪᠠᠷᠢᠭᠤᠯᠤᠨ ᠰᠠᠭᠤᠯᠭᠠᠭᠠᠳ ᠬᠤᠶᠠᠷ ᠱᠠᠯᠳᠠᠩ ᠪᠦᠭᠡᠷ᠎ᠡ ᠶᠢ ᠨᠢ ᠬᠤᠶᠠᠷ ᠴᠢᠬᠢᠨ ᠳᠤ ᠨᠢ ᠨᠠᠭᠠᠵᠤ ᠲᠤᠷᠳᠤᠩ ᠢᠶᠠᠷ ᠤᠷᠢᠶᠠᠵᠤ ᠲᠤᠯᠤᠭᠠᠢ ᠲᠡᠭᠡᠷ᠎ᠡ ᠨᠢ ᠲᠠᠪᠬᠤᠷ ᠬᠡᠳᠡᠰᠦ ᠶᠢ ᠨᠢ ᠡᠮᠦᠰᠦᠬᠦᠯᠵᠤ᠂ ᠪᠦᠰᠡᠨ ᠤ ᠦᠵᠦᠬᠦᠷ ᠢᠶᠠᠷ ᠠᠷᠤ ᠲᠤᠤᠭᠤᠷ ᠨᠢ ᠤᠶᠠᠵᠤ ᠲᠤᠭᠳᠠᠭᠠᠭᠠᠳ ᠲᠡᠭᠡᠷ᠎ᠡ ᠨᠢ ᠬᠦᠪᠤᠩᠲᠠᠢ ᠮᠠᠯᠠᠭᠠᠢ ᠲᠠᠷᠤᠭᠤᠯᠵᠤ ᠨᠠᠮ ᠵᠢᠮ ᠰᠠᠭᠤᠯᠭᠠᠨ᠎ᠠ᠃ ᠡᠨᠡ ᠦᠶ᠎ᠡ ᠳᠤ ᠬᠤᠯᠠᠭᠠᠢ ᠰᠠᠯᠬᠢ ᠠᠪᠬᠤ ᠠᠴᠠ ᠬᠢᠴᠢᠶᠡᠵᠤ᠂ ᠡᠬᠦᠳᠡ ᠴᠤᠩᠬᠤ ᠪᠠᠨ ᠬᠠᠭᠠᠨ᠎ᠠ᠃ ᠬᠠᠭᠠᠰ ᠴᠠᠭ ᠤᠨ ᠲᠠᠷᠠᠭ᠎ᠠ᠂ ᠬᠦᠵᠡᠭᠡ ᠲᠠᠢ ᠰᠡᠪᠡᠰᠦ ᠨᠢ ᠰᠢᠮᠢᠰᠢᠨ ᠵᠢᠷᠭᠤᠭ᠎ᠠ ᠶᠢᠨ ᠭᠠᠯ ᠬᠤᠵᠢᠷ᠂ ᠬᠡᠰᠢᠬᠦᠨ᠎ᠡ ᠶᠢᠨ ᠦᠨᠳᠦᠰᠦ᠂ ᠤᠯᠤᠭᠠᠢ ᠶᠢᠨ ᠭᠡᠢ ᠶᠢᠨ ᠠᠷᠪᠠᠨ ᠭᠤᠷᠪᠠ ᠶᠢᠨ ᠤᠯᠠᠭᠠᠨ ᠲᠠᠪᠤᠰᠤ᠂ ᠰᠸᠡᠪᠤᠷᠤ᠂ ᠪᠢᠪᠠᠯᠢᠩ᠂ ᠫᠤᠸᠠᠷᠢ᠂ ᠰᠢᠩᠽᠡ᠂ ᠰᠦᠭᠮᠡᠯ᠂ ᠭᠠᠭᠤᠯᠠ ᠵᠡᠷᠭᠡ ᠶᠢᠨ ᠬᠠᠯᠠᠭᠤᠨ ᠡᠮ᠂ ᠬᠦᠮᠦᠨ ᠤ ᠪᠡᠶ᠎ᠡ ᠶᠢᠨ ᠢᠯᠴᠢ᠂ ᠬᠤᠴᠢᠯᠭ᠎ᠠ᠂ ᠴᠠᠭ ᠠᠭᠤᠷ ᠤᠨ ᠲᠤᠯᠠᠭᠠᠨ ᠢᠶᠠᠷ ᠰᠡᠪᠡᠰᠦ ᠨᠢ ᠪᠢᠳᠡᠬᠦᠦ ᠢᠰᠴᠦ ᠬᠦᠵᠡᠭᠡᠨ ᠲᠤᠳᠤᠷ᠎ᠠ ᠨᠢ ᠬᠡᠢ ᠲᠦᠬᠦᠷᠴᠤ ᠬᠦᠵᠡᠭᠡᠨ ᠤ ᠬᠤᠶᠠᠷ ᠪᠤᠯᠤᠩ ᠨᠢ ᠡᠮᠡᠭᠡᠯ ᠤᠨ ᠪᠦᠭᠦᠷᠭᠡ ᠮᠡᠳᠦ ᠲᠡᠭᠡᠭᠰᠢ ᠪᠤᠰᠴᠤ ᠢᠷᠡᠬᠦ ᠳᠤ ᠡᠪᠡᠳᠴᠢᠲᠡᠨ ᠪᠠᠷᠢᠭᠰᠠᠨ ᠰᠢᠪᠦᠭᠡ ᠪᠠᠷ ᠢᠶᠠᠨ ᠬᠦᠵᠡᠭᠡ ᠪᠠᠨ ᠬᠠᠳᠬᠤᠵᠤ ᠬᠡᠢ ᠶᠢ ᠨᠢ ᠤᠯᠠᠨ ᠲᠠᠬᠢᠨ ᠭᠠᠷᠭᠠᠨ᠎ᠠ᠃      ᠲᠠᠷᠠᠭ᠎ᠠ ᠨᠢ ᠬᠤᠨᠢᠨ ᠤ ᠭᠤᠤᠯ ᠮᠢᠬ᠎ᠠ ᠶᠢ ᠨᠠᠷᠢᠨ ᠬᠡᠷᠴᠢᠵᠤ ᠪᠤᠴᠠᠯᠭᠠᠭᠠᠳ ᠲᠤᠷᠠᠭ ᠮᠢᠬᠠᠨ ᠤ ᠱᠦᠯᠦᠨ ᠳᠤ ᠰᠤᠩᠬᠢᠨ᠎ᠠ ᠬᠢᠵᠤ᠂ ᠬᠠᠯᠠᠭᠤᠪᠳᠤᠷ ᠱᠦᠯᠦ ᠪᠠᠷ ᠵᠶᠠᠨ ᠠᠭᠠᠷᠤ ᠭᠤᠴᠢᠨ ᠲᠠᠪᠤ ᠶᠢ ᠲᠠᠷᠤᠭᠤᠯᠵᠤ ᠤᠤᠭᠤᠯᠭᠠᠨ᠎ᠠ᠃ ᠡᠨᠡ ᠮᠡᠳᠦ ᠪᠠᠷ ᠴᠠᠭ ᠬᠠᠭᠠᠰ ᠦᠩᠭᠡᠷᠡᠬᠦ ᠦᠶ᠎ᠡ ᠳᠤ ᠬᠦᠵᠡᠭᠡᠨ ᠤ ᠬᠠᠯᠠᠭᠤᠨ ᠢᠯᠴᠢ ᠨᠢ ᠪᠠᠭᠤᠷᠠᠬᠤ ᠳᠤ ᠡᠪᠡᠳᠴᠢᠲᠡᠨ ᠢᠶᠠᠨ ᠬᠦᠵᠡᠭᠡᠨ ᠠᠴᠠ ᠪᠠᠭᠤᠯᠭᠠᠵᠤ᠂ ᠨᠠᠭᠠᠭᠰᠠᠨ ᠪᠦᠬᠡᠷ᠎ᠡ᠂ ᠲᠤᠯᠤᠭᠠᠢ ᠲᠡᠭᠡᠷ᠎ᠡ ᠨᠢ ᠲᠠᠯᠪᠢᠭᠰᠠᠨ ᠲᠠᠪᠬᠤᠷ ᠬᠡᠳᠡᠰᠦ᠂ ᠨᠦᠮᠦᠷᠦᠬᠦᠯᠦᠭᠰᠡᠨ ᠠᠷᠠᠰᠤ ᠪᠠᠨ ᠠᠪᠴᠤ᠂ ᠬᠠᠭᠤᠷᠠᠢ ᠬᠤᠪᠴᠠᠰᠤ ᠡᠮᠦᠰᠭᠡᠵᠤ᠂ ᠬᠠᠭᠤᠷᠠᠢ ᠲᠠᠪᠢᠰᠭᠡᠷ ᠲᠡᠭᠡᠷ᠎ᠡ ᠦᠨᠳᠦᠷ ᠲᠡᠷ᠎ᠡ ᠲᠡᠷᠡᠯᠡᠬᠦᠯᠵᠤ ᠬᠤᠴᠢᠭᠠᠳ᠂ ᠬᠦᠯᠦᠰᠦ ᠨᠢ ᠵᠤᠭᠰᠤᠬᠤ ᠦᠶ᠎ᠡ ᠳᠤ ᠰᠢᠷ᠎ᠠ ᠲᠤᠰᠤ ᠲᠦᠷᠬᠢᠵᠤ ᠰᠢᠷ᠎ᠠ ᠦᠰᠦᠨ ᠰᠦᠪᠡ ᠶᠢ ᠨᠢ ᠪᠦᠭᠯᠡᠨ᠎ᠡ᠃      ᠪᠤᠷᠤ ᠪᠡᠷᠢᠶ᠎ᠠ ᠶᠢᠨ ᠵᠠᠰᠠᠯᠭ᠎ᠠ ᠬᠢᠭᠰᠡᠳ ᠢ ᠡᠮᠴᠢᠯᠡᠬᠦ ᠳᠤ ᠪᠠᠨ ᠲᠦᠷᠦᠬᠦᠦ ᠲᠤᠯᠤᠭᠠᠨ ᠬᠤᠨᠤᠭ ᠲᠤ ᠦᠷᠯᠦᠭᠡ ᠪᠦᠷᠢ ᠦᠯᠦᠨ ᠢᠶᠠᠷ ᠽᠠᠭᠠᠷ ᠮᠠᠷ ᠲᠠᠩ ᠢ ᠤᠰᠤᠨ ᠳᠤ ᠪᠤᠴᠠᠯᠭᠠᠵᠤ ᠬᠦᠢᠳᠡᠨ ᠪᠦᠯᠢᠶᠡᠨ ᠢᠶᠠᠷ ᠨᠢ ᠤᠤᠭᠤᠯᠭᠠᠵᠤ ᠤᠷᠤᠨ ᠢᠶᠠᠨ ᠠᠯᠳᠠᠭᠰᠠᠨ ᠮᠠᠭᠤ ᠴᠢᠰᠦ ᠲᠤᠯᠤᠭᠠᠢ ᠳᠤ ᠭᠠᠷᠴᠤ ᠨᠢᠳᠦ ᠨᠢ ᠤᠯᠠᠶᠢᠵᠤ ᠪᠤᠶᠢᠯᠠ ᠨᠢ ᠬᠦᠭᠡᠬᠦ ᠠᠴᠠ ᠰᠡᠷᠭᠡᠶᠢᠯᠡᠬᠦ ᠬᠡᠷᠡᠭᠲᠡᠢ᠃ ᠦᠳᠡ ᠶᠢᠨ ᠡᠮᠦᠨ᠎ᠡ ᠰᠢᠮᠢᠰᠢᠨ ᠵᠢᠷᠭᠤᠭ᠎ᠠ ᠶᠢ ᠤᠰᠤ ᠪᠠᠷ᠂ ᠦᠳᠡ ᠶᠢᠨ ᠬᠤᠶᠢᠨ᠎ᠠ ᠰᠦᠭᠮᠡᠯᠵᠢᠯᠬᠤᠷ ᠢ ᠱᠦᠯᠦ ᠪᠠᠷ᠂ ᠦᠳᠡᠰᠢ ᠷᠠᠰᠢᠨᠠᠮᠵᠢᠯ ᠢ ᠰᠢᠷ᠎ᠠ ᠠᠷᠢᠬᠢ ᠪᠠᠷ ᠲᠤᠰ ᠲᠤᠰ ᠲᠠᠷᠤᠭᠤᠯᠵᠤ ᠤᠤᠭᠤᠯᠭᠠᠨ᠎ᠠ᠃       ᠲᠤᠮᠳᠠᠳᠤ ᠲᠤᠯᠤᠭᠠᠨ ᠬᠤᠨᠤᠭ ᠪᠠ ᠰᠡᠬᠦᠯᠴᠢ ᠶᠢᠨ ᠲᠤᠯᠤᠭᠠᠨ ᠬᠤᠨᠤᠭ ᠲᠤ ᠡᠮᠴᠢᠯᠡᠭᠡ ᠳᠤ ᠡᠪᠡᠳᠴᠢᠲᠡᠨ ᠤ ᠢᠯᠡᠷᠡᠯ ᠢ ᠨᠢ ᠦᠵᠡᠨ᠎ᠡ᠃ ᠪᠤᠷᠤ ᠪᠠᠷᠢᠶ᠎ᠠ ᠪᠠᠷᠢᠭᠰᠠᠨ ᠡᠪᠡᠳᠴᠢᠲᠡᠨ ᠢ ᠰᠤᠪᠢᠯᠠᠬᠤ ᠳᠤ ᠪᠠᠨ ᠪᠦᠳᠦᠨ ᠬᠤᠷᠢᠨ ᠨᠢᠭᠡᠨ ᠡᠳᠦᠷ ᠲᠤ ᠭᠤᠤᠯ ᠤᠰᠤ ᠭᠠᠳᠤᠯᠬᠤ᠂ ᠬᠦᠯᠦᠰᠦ ᠲᠡᠯᠡᠰᠬᠦ᠂ ᠲᠠᠭᠠᠷᠠᠬᠤ᠂ ᠡᠳᠦᠷ ᠶᠡᠭᠡ ᠤᠨᠳᠠᠬᠤ᠂ ᠬᠤᠷᠢᠴᠠᠯ ᠡᠳ᠋ᠯᠡᠬᠦ᠂ ᠬᠠᠳᠠᠭᠤ ᠬᠦᠴᠦᠯᠡᠬᠦ᠂ ᠤᠰᠤ ᠲᠠᠮᠨᠠᠬᠤ᠂ ᠠᠷᠤᠭ ᠡᠬᠦᠷᠬᠦ᠂ ᠤᠨᠤᠭ᠎ᠠ ᠤᠨᠤᠬᠤ᠂ ᠠᠷᠢᠬᠢ ᠤᠤᠭᠤᠬᠤ᠂ ᠨᠠᠭᠠᠳᠤᠮ ᠴᠡᠩᠭᠡᠨ ᠳᠤ ᠤᠷᠤᠬᠤ᠂ ᠬᠡᠷᠡᠭᠦᠯ ᠴᠤᠤᠬᠢᠶᠠᠨ ᠬᠢᠬᠦ᠂ ᠠᠭᠤᠷ ᠤᠮᠤᠭ ᠭᠠᠷᠭᠠᠬᠤ ᠶᠢ ᠴᠡᠭᠡᠷᠯᠡᠵᠤ᠂ ᠪᠡᠶ᠎ᠡ ᠰᠡᠳᠬᠢᠴᠡ ᠶᠢᠨ ᠲᠠᠯ᠎ᠠ ᠪᠠᠷ ᠠᠮᠤᠷ ᠮᠡᠨᠳᠤ ᠪᠠᠶᠢᠯᠭᠠᠬᠤ ᠬᠡᠷᠡᠭᠲᠡᠢ᠃       ᠴᠠᠭᠠᠨ ᠪᠠᠷᠢᠶ᠎ᠠ ᠭᠡᠳᠡᠭ ᠨᠢ ᠰᠢᠨᠵᠢᠯᠡᠬᠦ ᠤᠬᠠᠭᠠᠨ ᠤ ᠨᠡᠷ᠎ᠡ ᠲᠤᠮᠢᠶ᠎ᠠ ᠪᠠᠷ ᠪᠣᠯ ᠹᠢᠽᠢᠺ ᠤᠨ ᠵᠠᠰᠠᠯ ᠢ ᠭᠡᠯᠡᠨ᠎ᠡ᠃ ᠲᠡᠷᠡ ᠨᠢ ᠮᠤᠷᠢ᠂ ᠮᠤᠲ᠋ᠤᠷ᠂ ᠮᠠᠰᠢᠨ ᠲᠡᠷᠭᠡ ᠂ ᠬᠠᠳᠠ ᠡᠷᠬᠢ ᠠᠴᠠ ᠤᠨᠠᠵᠤ ᠤᠶᠢᠴᠢᠭᠠᠳ ᠵᠢᠷᠦᠭᠡ᠂ ᠠᠭᠤᠰᠬᠢ᠂ ᠡᠯᠢᠭᠡ᠂ ᠲᠡᠯᠢᠬᠦᠦ ᠨᠢ ᠪᠡᠷᠳᠡᠵᠤ ᠴᠢᠰᠦ ᠨᠢ ᠴᠠᠯᠬᠢᠨ ᠨᠦᠵᠢᠷᠡᠨ ᠲᠤᠭᠳᠠᠵᠤ᠂ ᠤᠬᠠᠭᠠᠨ ᠪᠠᠯᠠᠷᠠᠨ ᠬᠡᠪᠲᠡᠷᠢ ᠳᠤ ᠤᠷᠤᠭᠰᠠᠨ ᠰᠢᠷᠠᠬᠳᠤᠭᠰᠠᠳ ᠲᠤ ᠲᠤᠬᠢᠷᠠᠨ᠎ᠠ᠃ ᠬᠦᠨᠳᠦ ᠨᠢ ᠠᠮᠠᠨ ᠳᠤ ᠨᠢ ᠴᠢᠰᠦ ᠠᠮᠳᠠᠭᠳᠠᠬᠤ᠂ ᠴᠢᠰᠦ ᠪᠠᠷ ᠬᠠᠨᠢᠶᠠᠬᠤ᠂ ᠪᠦᠭᠡᠯᠵᠢᠬᠦ᠂ ᠶᠠᠰᠤᠨ ᠠᠴᠠ ᠴᠢᠰᠦ ᠭᠠᠷᠬᠤ᠂ ᠭᠠᠷ ᠬᠦᠷᠴᠤ ᠪᠤᠯᠬᠤ ᠦᠭᠡᠢ ᠬᠦᠨᠳᠤᠭᠦᠷ ᠲᠠᠢ ᠪᠠᠶᠢᠳᠠᠭ᠃ ᠴᠠᠭᠠᠨ ᠪᠠᠷᠢᠶ᠎ᠠ ᠶᠢᠨ ᠪᠦᠷᠢᠯᠳᠦᠬᠦᠨ᠄      1᠂ ᠲᠡᠮᠡᠭᠡᠨ ᠤ ᠬᠦᠬᠡ ᠬᠤᠷᠭᠤᠯ ᠤᠨ ᠰᠢᠳᠠᠭᠠᠭᠰᠠᠨ ᠦᠨᠡᠰᠦ 4 ᠵᠢᠩ᠃      2᠂ ᠪᠤᠭᠤᠳᠠᠢ ᠶᠢᠨ ᠬᠠᠯᠢᠰᠤ 2 ᠵᠢᠩ᠃      3᠂ ᠵᠢᠩᠬᠢᠨᠢ ᠪᠤᠯᠪᠠᠰᠤᠷᠠᠭᠰᠠᠨ ᠴᠢᠯᠠᠭᠤᠨ ᠨᠡᠬᠦᠷᠡᠰᠦᠨ ᠲᠠᠯᠠᠬ᠎ᠠ 1 ᠵᠢᠩ ︵ᠬᠢᠯᠳᠠᠭᠠᠨᠠᠭᠰᠠᠨ ᠪᠦᠬᠡᠳ ᠬᠦᠩᠬᠡᠨ ᠪᠠᠶᠢᠬᠤ︶᠃     4᠂ ᠲᠠᠬᠢᠶᠠᠨ ᠦᠨᠳᠡᠭᠡᠨ ᠤ 9 ᠪᠦᠬᠦᠯᠢ ᠰᠢᠷ᠎ᠠ᠂ ᠴᠠᠭᠠᠨ᠃      5᠂ ᠰᠢᠷ᠎ᠠ ᠬᠦᠵᠢ 1 ᠪᠠᠭᠴᠠ ᠶᠢ ᠲᠠᠯᠠᠭᠯᠠᠵᠤ ᠬᠢᠬᠦ᠃      6᠂ ᠼᠤᠤ 1 ᠵᠢᠩ ︵ᠬᠤᠭᠤᠯᠠᠨ ᠼᠤᠤ︶᠃      7᠂ ᠬᠠᠷ᠎ᠠ ᠠᠷᠢᠬᠢ ︵65 ᠭᠷᠠᠳᠦ᠋ᠰ᠂ ᠬᠠᠷᠢᠨ ᠰᠫᠢᠷᠲ ᠪᠢᠰᠢ︶᠃      8᠂ ᠪᠤᠷᠤ ᠴᠠᠭᠠᠰᠤ 8 ᠠᠮᠠ᠃     ᠴᠠᠭᠠᠨ ᠪᠠᠷᠢᠶ᠎ᠠ ᠶᠢ ᠨᠠᠶᠢᠷᠠᠭᠤᠯᠬᠤ ᠳᠤ ᠪᠠᠨ ᠴᠠᠭᠠᠰᠤ ᠠᠴᠠ ᠪᠤᠰᠤᠳ ᠲᠤᠯᠤᠭᠠᠨ ᠪᠦᠷᠢᠯᠳᠦᠬᠦᠨ ᠢᠶᠠᠨ ᠲᠤᠯᠤᠭᠠᠨ ᠲᠠᠮᠠᠭᠠᠳᠤ ᠰᠢᠷᠡᠮᠦᠨ ᠲᠤᠭᠤᠭᠠᠨ ᠳᠤ ᠬᠢᠵᠤ ᠬᠦᠯ ᠦᠭᠡᠢ ᠤᠰᠤ ︵ᠬᠤᠪᠤᠭᠤ ᠪᠠᠷ ᠲᠠᠳᠠᠵᠤ ᠭᠠᠷᠭᠠᠭᠠᠳ ᠭᠠᠵᠠᠷ ᠲᠠᠯᠪᠢᠬᠤ ᠦᠭᠡᠢ ᠠᠪᠴᠢᠷᠠᠭᠰᠠᠨ ᠤᠰᠤ︶ ᠬᠢᠵᠤ ᠰᠢᠩᠭᠡᠷᠡᠬᠦᠯᠦᠨ ᠵᠦᠭᠡᠯᠡᠨ ᠭᠠᠯ ᠢᠶᠠᠷ ᠪᠤᠴᠠᠯᠭᠠᠵᠤ ᠠᠮᠤᠰᠤ ᠠᠳᠠᠯᠢ ᠦᠳᠭᠡᠷᠡᠬᠦᠯᠵᠤ ᠲᠡᠪᠢᠬᠦᠷ ᠪᠤᠶᠤ ᠠᠳᠠᠷ ᠲᠤ ᠬᠢᠵᠤ ᠬᠦᠷᠦᠭᠡᠰᠬᠢᠭᠡᠳ 50 ᠭᠷᠠᠳᠦ᠋ᠰ ᠪᠤᠯᠬᠤ ᠦᠶ᠎ᠡ ᠳᠤ ᠨᠢ ᠬᠦᠭᠡ ᠪᠦᠰᠡᠨ ︵ᠪᠠᠶᠢᠪᠠᠩ ᠲᠠᠢ ᠪᠤᠳᠤᠭᠯᠠᠭᠰᠠᠨ︶ ᠳᠤ ᠴᠢᠳᠬᠤᠵᠤ ᠪᠦᠰᠡ ᠪᠠᠨ ᠤᠭᠤᠳᠠᠯᠠᠨ ᠪᠤᠭᠤᠵᠤ ᠬᠠᠪᠲᠠᠭᠠᠢ ᠮᠤᠳᠤᠨ ᠲᠡᠭᠡᠷ᠎ᠡ ᠤᠭᠤᠳᠠ ᠶᠢᠨ ᠢᠷᠤᠭᠠᠷ ᠢᠶᠠᠷ ᠨᠢ ᠨᠦᠳᠦᠵᠤ ᠪᠠᠷᠢᠶ᠎ᠠ ᠪᠠᠨ ᠴᠢᠭᠵᠢᠷᠡᠬᠦᠯᠦᠨ᠎ᠡ᠃ ᠡᠪᠡᠳᠴᠢᠲᠡᠨ ᠢᠶᠠᠨ ᠤᠷᠤ ᠲᠡᠭᠡᠷ᠎ᠡ ᠨᠢ ᠲᠡᠭᠡᠭᠰᠢ ᠬᠠᠨᠳᠤᠭᠤᠯᠤᠨ ᠬᠡᠪᠳᠡᠬᠦᠯᠵᠤ᠂ ᠪᠦᠭᠡᠷᠡᠨ ᠤ ᠲᠤᠭᠤᠤᠷ ᠨᠢ ᠮᠧᠳ᠋ᠷ ᠬᠠᠭᠠᠰ ᠬᠦᠭᠡ ᠪᠦᠰ ᠢᠶᠠᠷ ᠭᠤᠤᠯ ᠢᠶᠠᠷ ᠨᠢ ᠨᠤᠭᠤᠯᠵᠤ ᠲᠡᠪᠢᠰᠦᠭᠡᠳ᠂ ᠦᠰᠦ ᠦᠯᠢᠶᠡᠬᠦ ᠳᠤ ᠲᠠᠰᠤᠷᠴᠤ ᠪᠠᠶᠢᠬᠤ ᠬᠤᠷᠴᠠ ᠬᠢᠳᠤᠭ᠎ᠠ ᠪᠤᠶᠤ ᠲᠤᠩᠭᠤᠷᠠᠭ ᠢᠶᠠᠷ ᠡᠪᠡᠳᠴᠢᠲᠡᠨ ᠤ ᠠᠶᠤᠤᠯᠢᠬᠠᠢ ᠶᠢᠨ ᠮᠦᠭᠡᠷᠰᠦ ᠠᠴᠠ ᠲᠤᠷᠤᠭᠰᠢ ᠬᠤᠶᠠᠷ ᠠᠯᠠᠭ᠎ᠠ ᠲᠡᠯᠭᠡᠵᠤ ᠪᠠᠭᠳᠠᠬᠤ ᠬᠡᠮᠵᠢᠶᠡᠨ ᠳᠤ ᠠᠷᠠᠰᠤᠨ ᠤ ᠬᠦᠷᠦᠰᠦ ᠳᠤ ᠬᠤᠷᠴᠠ ᠮᠡᠰᠡ ᠶᠢᠨ ᠢᠷ ᠢᠶᠠᠷ ᠨᠢ ᠬᠦᠷᠭᠡᠵᠤ ᠲᠡᠮᠦᠷ ᠤᠨ ᠬᠠᠤᠷᠠᠢ ᠰᠢᠭ᠋ ᠭᠤᠷᠪᠠᠯᠵᠢᠨ ᠢᠶᠠᠷ ᠭᠡᠷ ᠤᠨ ᠬᠠᠭᠠᠯᠭᠠᠨ ᠤ ᠮᠤᠳᠤᠨ ᠤᠨᠢᠰᠦ ᠪᠠᠷ ᠮᠡᠰᠡ ᠶᠢᠨ ᠬᠡᠵᠢᠬᠡ ᠶᠢ ᠨᠢ ᠲᠤᠭᠰᠢᠵᠤ ᠲᠤᠮᠨᠤᠨ᠎ᠠ᠃ ᠲᠤᠷᠬᠢᠭᠠᠬᠤ ᠲᠤᠮ ᠢ ᠬᠢᠬᠦ ᠳᠤ ᠪᠠᠨ ᠡᠪᠡᠳᠴᠢᠲᠡᠨ ᠢᠶᠠᠨ ᠲᠡᠭᠡᠭᠰᠢ ᠬᠠᠨᠳᠤᠭᠤᠯᠤᠨ ᠲᠦᠪ ᠬᠡᠪᠳᠡᠬᠦᠯᠵᠤ ᠬᠠᠪᠲᠠᠭᠠᠢ ᠮᠤᠳᠤ ᠶᠢ ᠬᠤᠶᠠᠷ ᠬᠦᠯ ᠤᠨ ᠤᠯᠠ ᠳᠤ ᠨᠢ ᠨᠠᠭᠠᠯᠳᠤᠭᠤᠯᠵᠤ᠂ ᠲᠤᠷᠳᠤᠩ ᠪᠦᠰᠡ ᠪᠠᠷ ᠬᠤᠳᠠᠷᠭᠠᠯᠠᠨ᠂ ᠬᠤᠶᠠᠷ ᠭᠠᠷ ᠲᠤ ᠨᠢ ᠤᠷᠢᠶᠠᠨ ᠲᠡᠨᠢᠢᠲᠡᠯ᠎ᠡ ᠨᠢ ᠢᠰᠬᠦᠯᠦᠬᠦᠯᠵᠤ ᠪᠠᠶᠢᠭᠠᠳ ᠬᠠᠪᠲᠠᠭᠠᠢ ᠮᠤᠳᠤᠨ ᠲᠡᠭᠡᠷ᠎ᠡ ᠨᠢ ᠴᠠᠢ ᠨᠦᠳᠦᠳᠡᠭ ᠰᠦᠭᠡ ᠪᠠᠷ ᠲᠡᠮ ᠲᠠᠢ ᠭᠤᠷᠪᠠ ᠴᠤᠬᠢᠵᠤ ᠲᠤᠷᠬᠢᠭᠠᠨ ᠲᠠᠬᠢᠨ ᠬᠠᠪᠲᠠᠭᠠᠢ ᠮᠤᠳᠤ ᠪᠠᠨ ᠪᠠᠷᠠᠭᠤᠨ ᠵᠡᠬᠦᠨ ᠬᠠᠪᠢᠷᠭᠠᠨ ᠳᠤ ᠨᠢ ᠨᠠᠭᠠᠯᠳᠤᠭᠤᠯᠵᠤ ᠮᠤᠳᠤᠨ ᠲᠡᠭᠡᠷ᠎ᠡ ᠠᠴᠠ ᠮᠥᠨ ᠰᠦᠬᠡ ᠪᠠᠷ ᠨᠢᠭᠡ ᠴᠤᠬᠢᠵᠤ ᠲᠤᠷᠬᠢᠭᠠᠭᠠᠳ ᠲᠡᠬᠦᠰᠭᠡᠨ᠎ᠡ᠃ ᠡᠨᠡ ᠨᠢ ᠤᠨᠠᠵᠤ ᠪᠡᠷᠲᠡᠭᠰᠡᠨ ᠢ ᠲᠤᠷᠬᠢᠭᠠᠵᠤ ᠬᠤᠷᠠᠭᠰᠠᠨ ᠴᠢᠰᠤ ᠤᠰᠤ ᠶᠢ ᠨᠢ ᠰᠠᠷᠨᠢᠭᠤᠯᠵᠤ ᠪᠠᠶᠢᠭ᠎ᠠ ᠶᠤᠮ᠃      ᠴᠠᠭᠠᠨ ᠪᠠᠷᠢᠶ᠎ᠠ ᠪᠠᠷᠢᠬᠤ ᠳᠤ ᠪᠠᠨ ᠬᠡᠳᠡᠰᠦᠨ ᠲᠡᠭᠡᠷᠡᠬᠢ ᠠᠷᠢᠬᠢ ᠼᠤᠤ ᠪᠠᠷ ᠲᠡᠪᠳᠦᠭᠡᠭᠰᠡᠨ ᠵᠤᠵᠠᠭᠠᠨ ᠨᠦᠢᠲᠠᠨ ᠴᠠᠭᠠᠰᠤᠨ ᠲᠡᠭᠡᠷ᠎ᠡ ᠨᠢ ᠤᠭᠤᠳᠠᠯᠠᠭᠰᠠᠨ ᠬᠠᠯᠠᠭᠤᠬᠠᠨ ᠪᠠᠷᠢᠶ᠎ᠠ ᠪᠠᠨ ᠲᠠᠯᠪᠢᠵᠤ ᠬᠦᠭᠡ ᠪᠦᠰᠡ ᠪᠠᠷ ᠤᠷᠢᠶᠠᠵᠤ ᠵᠤᠬᠢᠰᠲᠠᠢ ᠪᠠᠷ ᠬᠤᠴᠢᠵᠤ ᠬᠤᠶᠠᠷ ᠴᠠᠭ ᠪᠠᠷᠢᠵᠤ᠂ ᠨᠢᠭᠡ ᠴᠠᠭ ᠤᠨ ᠲᠠᠷᠠᠭ᠎ᠠ ᠲᠦᠯᠦᠭᠡᠨ ᠬᠤᠨᠢᠨ ᠤ ᠭᠤᠤᠯ ᠮᠢᠬᠠᠨ ᠱᠦᠯᠦ ᠳᠤ ᠰᠤᠩᠬᠢᠨ᠎ᠠ ᠨᠡᠷᠡᠵᠤ᠂ ᠠᠭᠠᠷᠤ 35 ᠶᠢ ᠲᠠᠷᠤᠭᠤᠯᠵᠤ ᠤᠤᠭᠤᠯᠭᠠᠨ ᠬᠦᠯᠦᠰᠦᠯᠡᠬᠦᠯᠦᠨ᠎ᠡ᠃ ᠢᠩᠬᠢᠪᠡᠯ ᠡᠮ ᠱᠦᠯᠦ ᠤᠤᠭᠤᠭᠰᠠᠨ ᠡᠪᠡᠳᠴᠢᠲᠡᠨ ᠤ ᠪᠡᠶ᠎ᠡ ᠠᠴᠠ ᠬᠦᠯᠦᠰᠦ ᠴᠢᠬᠠᠷᠠᠨ ᠲᠤᠰᠤᠯᠠᠵᠤ ᠤᠨᠳᠠᠵᠤ ᠠᠮᠠᠷᠠᠳᠠᠭ᠃     ᠪᠠᠷᠢᠭᠰᠠᠨ ᠪᠠᠷᠢᠶ᠎ᠠ ᠪᠠᠨ ᠠᠪᠬᠤ ᠳᠤ ᠪᠠᠨ ᠪᠦᠳᠦᠨ ᠬᠤᠶᠠᠷ ᠴᠠᠭ ᠪᠤᠯᠪᠠᠯ ᠡᠬᠦᠲᠡ ᠴᠤᠩᠬᠤ ᠪᠠᠨ ᠬᠠᠭᠠᠨ ᠰᠠᠯᠬᠢ ᠬᠠᠭᠠᠵᠤ ᠪᠤᠭᠤᠯᠲᠠ ᠪᠠᠨ ᠲᠠᠶᠢᠯᠵᠤ ᠪᠠᠷᠢᠭᠰᠠᠨ ᠭᠡᠰᠡᠭ ᠤᠨ ᠤᠯᠠᠪᠤᠷ ᠬᠦᠷᠦᠰᠦᠨ ᠲᠡᠭᠡᠷ᠎ᠡ ᠨᠢ ᠰᠢᠷ᠎ᠠ ᠲᠤᠰᠤ ᠲᠦᠷᠬᠢᠵᠤ ᠬᠠᠭᠤᠷᠠᠢ ᠬᠤᠪᠴᠠᠰᠤ ᠪᠠᠷ ᠬᠤᠴᠢᠵᠤ ᠰᠤᠪᠢᠯᠠᠨ᠎ᠠ᠃    ᠡᠮᠴᠢᠯᠡᠬᠦ ᠳᠤ ᠪᠠᠨ ᠽᠠᠨᠳᠠᠨ 3 ᠶᠢᠨ ᠲᠠᠩ᠂ ᠴᠢᠮᠡᠳ ᠮᠠᠷ ᠲᠠᠩ᠂ ᠱᠦᠩ ᠠᠭᠠᠷᠤ 8᠂ ᠠᠭᠠᠷᠤ 35᠂ ᠡᠯᠢᠭᠡᠨ ᠤ ᠬᠦᠷᠬᠦᠮ 13᠂ ᠴᠢᠯᠢᠰᠠᠨ᠂ ᠰᠠᠮᠫᠢᠯᠨᠤᠷᠪᠤ᠂ ᠵᠠᠴᠦ᠋ᠩ 13᠂ ᠷᠠᠰᠢᠨᠠᠮᠵᠢᠯ᠂ ᠬᠡᠷᠪᠡ ᠴᠢᠰᠦ ᠬᠦᠭᠡᠷᠦᠯᠲᠡ ᠲᠠᠢ ᠪᠣᠯ ᠽᠠᠭᠠᠷ ᠮᠠᠷ ᠲᠠᠩ᠂ ᠴᠢᠰᠤᠨ ᠬᠢᠮᠤᠷᠠᠭ᠎ᠠ ᠶᠢᠨ ᠲᠠᠯᠬ᠎ᠠ ᠵᠡᠷᠭᠡ ᠶᠢ ᠵᠤᠬᠢᠰᠲᠠᠢ ᠤᠤᠭᠤᠯᠭᠠᠨ᠎ᠠ᠃     ᠴᠠᠭᠠᠨ ᠪᠠᠷᠢᠶ᠎ᠠ ᠪᠠᠷᠢᠭᠤᠯᠤᠭᠰᠠᠨ ᠡᠪᠡᠳᠴᠢᠲᠡᠨ ᠢ ᠰᠤᠪᠢᠯᠠᠬᠤ ᠳᠤ ᠪᠠᠨ ᠬᠦᠨᠳᠦ ᠨᠦᠰᠡᠷ ᠲᠠᠭᠤ ᠴᠢᠮᠡᠭᠡ ᠪᠤᠶᠤ ᠬᠤᠯᠠᠭᠠᠢ ᠰᠠᠯᠬᠢᠨ ᠳᠤ ᠴᠤᠬᠢᠭᠤᠯᠬᠤ ᠦᠭᠡᠢ᠂ ᠲᠡᠷᠭᠡ ᠤᠨᠤᠭ᠎ᠠ ᠤᠨᠤᠬᠤ ᠦᠭᠡᠢ᠂ ᠤᠰᠤ ᠭᠤᠤᠯ ᠭᠠᠳᠤᠯᠬᠤ ᠦᠭᠡᠢ᠂ ᠲᠠᠭᠤᠤ ᠪᠦᠵᠢᠭ ᠤᠨ ᠲᠠᠯᠠᠪᠤᠷ ᠲᠤ ᠤᠷᠤᠯᠴᠠᠬᠤ ᠦᠭᠡᠢ᠂ ᠬᠤᠷᠢᠴᠠᠯ ᠤᠨ ᠠᠮᠢᠳᠤᠷᠠᠯ ᠢ ᠴᠡᠭᠡᠷᠯᠡᠨ ᠨᠠᠮ ᠵᠢᠮ 21 ᠡᠳᠦᠷ ᠬᠤᠨᠤᠭ ᠰᠠᠭᠤᠵᠤ ᠬᠡᠪᠳᠡᠨ᠎ᠡ᠃ ᠰᠡᠷᠢᠬᠦᠨ ᠵᠦᠭᠡᠯᠡᠨ ᠬᠤᠭᠤᠯᠠ ᠤᠮᠳᠠ ᠤᠤᠭᠤᠵᠤ ᠢᠳᠡᠨ᠎ᠡ᠃ ᠦᠰᠦ ᠬᠢᠮᠤᠰᠤ ᠪᠠᠨ ᠠᠪᠬᠤ ᠦᠭᠡᠢ᠂ ᠲᠠᠪᠤᠰᠤ ᠲᠠᠢ ᠤᠰᠤ ᠪᠠᠷ ᠬᠦᠯ ᠢᠶᠠᠨ ᠤᠬᠢᠶᠠᠵᠤ᠂ ᠲᠤᠬᠢᠲᠠᠢ ᠬᠤᠪᠴᠠᠰᠤ ᠬᠤᠨᠠᠷ ᠡᠮᠦᠰᠬᠦ ᠬᠡᠷᠡᠭᠲᠡᠢ᠃      ︽ᠤᠷᠠᠳ ᠲᠡᠤᠬᠡ ᠰᠤᠶᠤᠯ︾ ᠤᠨ ︵ᠲᠡᠭᠡᠳᠦ ᠲᠡᠪᠲᠡᠷ︶ ᠠᠴᠠ ᠪᠠᠭᠤᠯᠭᠠᠪᠠ        
ᠢᠷᠡᠯᠲᠡ᠄ ᠤᠷᠠᠳ ᠤᠨ ᠲᠤᠮᠳᠠᠳᠤ ᠬᠤᠰᠢᠭᠤᠨ ᠤ ᠵᠠᠰᠠᠭ ᠤᠨ ᠤᠷᠳᠤᠨ ᠤ ᠮᠤᠩᠭᠤᠯ ᠰᠦᠯᠵᠢᠶ᠎ᠡ