ᠤᠷᠠᠳ ᠲᠦᠯᠦᠬᠡᠯᠡᠬᠦ ᠴᠢᠨᠠᠷᠲᠠᠢ ᠡᠮᠴᠢᠯᠡᠭᠡ — — ᠡᠬᠡ ᠪᠠᠷᠢᠶᠠᠴᠢ ᠶᠢᠨ ᠲᠤᠬᠠᠢ ᠶᠤᠰᠤᠨ ᠵᠦᠢᠯ
ᠨᠡᠶᠢᠲᠡᠯᠡᠭᠰᠡᠨ ᠴᠠᠭ᠄
2022/5/12
     ᠦᠩᠭᠡᠷᠡᠭᠰᠡᠨ ᠳᠤ ᠤᠷᠠᠳ ᠨᠤᠳᠤᠭ ᠲᠤ ᠡᠬᠡ ᠨᠢᠯᠬᠠᠰ ᠤᠨ ᠦᠢᠯᠡᠰ ᠤᠨ ᠲᠤᠬᠠᠢ ᠠᠷᠭ᠎ᠠ ᠮᠡᠷᠭᠡᠵᠢᠯ ᠲᠤᠩ ᠲᠤᠷᠤᠢ ᠪᠠᠭᠤᠷᠠᠢ᠂ ᠡᠮ ᠡᠮᠨᠡᠯᠭᠡ᠂ ᠡᠷᠡᠬᠦᠯ ᠬᠠᠮᠠᠭᠠᠯᠠᠯ ᠤᠨ ᠦᠢᠯᠡᠰ ᠴᠦ ᠲᠡᠳᠦᠢ ᠲᠦᠷᠭᠡᠨ ᠬᠦᠭᠵᠢᠵᠤ ᠴᠢᠳᠠᠭᠠᠳᠤᠢ ᠪᠠᠶᠢᠭᠰᠠᠨ ᠵᠡᠷᠭᠡ ᠰᠢᠯᠲᠠᠭᠠᠨ ᠠᠴᠠ ᠪᠤᠯᠵᠤ ᠠᠷᠠᠳ ᠤᠨ ᠤᠯᠠᠮᠵᠢᠯᠠᠯᠳᠤ ᠡᠬᠡ ᠪᠠᠷᠢᠶᠠᠴᠢ ᠨᠤᠭᠤᠳ ᠲᠤᠩ ᠤᠯᠠᠨ ᠢᠯᠡᠷᠡᠨ ᠭᠠᠷᠴᠤ᠂ ᠡᠭᠡ ᠨᠢᠯᠬᠠᠰ ᠤᠨ ᠦᠢᠯᠡᠰ ᠲᠤ ᠪᠠᠯᠠᠷᠠᠰᠢ ᠦᠭᠡᠢ ᠭᠠᠪᠢᠶ᠎ᠠ ᠵᠢᠳᠬᠦᠯ ᠭᠠᠷᠭᠠᠭᠰᠠᠨ ᠪᠦᠬᠡᠳ ᠤᠳᠤ ᠴᠦ ᠭᠡᠰᠡᠨ ᠪᠠᠰᠠ ᠦᠪᠡᠷ ᠤᠨ ᠵᠤᠬᠢᠬᠤ ᠪᠠᠶᠢᠷᠢ ᠪᠠᠨ ᠤᠯᠵᠤ ᠦᠷᠬᠦᠯᠵᠢᠯᠡᠨ ᠵᠢᠳᠬᠦᠭᠰᠡᠭᠡᠷ ᠪᠠᠶᠢᠨ᠎ᠠ᠃     1᠂ ᠨᠢᠷᠠᠶᠢᠯᠠᠬᠤ ᠠᠴᠠ ᠡᠮᠦᠨᠡᠬᠢ ᠪᠠᠶᠢᠴᠠᠭᠠᠯᠲᠠ᠄ ᠬᠡᠤᠬᠡᠳ ᠡᠬᠡ ᠶᠢᠨ ᠬᠡᠪᠡᠯᠢ ᠳᠤ ᠲᠠᠪᠤᠨ ᠰᠠᠷ᠎ᠠ ᠪᠤᠯᠪᠠᠯ ᠡᠷᠬᠡᠲᠡᠨ ᠪᠦᠳᠦᠵᠤ ᠠᠮᠢ ᠤᠷᠤᠵᠤ ᠬᠦᠳᠡᠯᠬᠦ ᠪᠤᠯᠳᠠᠭ᠂ ᠡᠨᠡ ᠦᠶ᠎ᠡ ᠠᠴᠠ ᠡᠬᠢᠯᠡᠵᠤ ᠡᠬᠡ ᠶᠢᠨ ᠪᠡᠶ᠎ᠡ ᠳᠠᠬᠢ ᠤᠯᠠᠨ ᠶᠠᠩᠵᠤ ᠶᠢᠨ ᠬᠦᠨᠳᠦ ᠬᠦᠳᠡᠯᠭᠡᠭᠡᠨ ᠠᠴᠠ ᠪᠤᠯᠵᠤ ᠬᠡᠪᠡᠯᠢ ᠳᠠᠬᠢ ᠬᠡᠤᠬᠡᠳ ᠨᠢ ᠲᠤᠭᠲᠠᠭᠰᠠᠨ ᠪᠠᠶᠢᠷᠢ ᠠᠴᠠ ᠪᠠᠨ ᠰᠢᠯᠵᠢᠳᠡᠭ᠃ ᠡᠨᠡᠬᠦ ᠶᠡᠷᠦ ᠪᠤᠰᠦ ᠶᠢᠨ ᠦᠵᠡᠭᠳᠡᠯ ᠤᠳ ᠡᠬᠡ ᠶᠢᠨ ᠪᠡᠶ᠎ᠡ ᠳᠤ ᠡᠪᠡᠳᠴᠢᠨ ᠤ ᠰᠢᠨᠵᠢ ᠪᠠᠷ ᠢᠯᠡᠷᠡᠳᠡᠭ᠃ ᠡᠬᠦᠨ ᠢ ︽ᠲᠤᠩᠰᠢᠭ᠎ᠠ︾ ᠬᠡᠳᠡᠭ᠂ ᠪᠠᠰᠠ ᠲᠤᠩᠰᠢᠭᠠᠳᠠᠢ ᠬᠡᠳᠡᠭ᠃     2᠂ ᠲᠤᠩᠰᠢᠭ᠎ᠠ ᠶᠢ ᠢᠯᠭᠠᠨ ᠲᠠᠨᠢᠬᠤ᠄ ᠵᠢᠷᠮᠤᠰᠤᠨ ᠡᠮᠡᠭᠲᠠᠢ ᠶᠢᠨ ᠬᠡᠪᠡᠯᠢ ᠳᠠᠬᠢ ᠬᠡᠤᠬᠡᠳ᠂ ᠡᠬᠡ ᠪᠡᠶ᠎ᠡ ᠶᠢᠨ ᠬᠦᠨᠳᠦ ᠰᠢᠷᠦᠬᠦᠨ ᠬᠦᠳᠡᠯᠭᠡᠭᠡᠨ ᠪᠤᠶᠤ ᠪᠤᠰᠤᠳ ᠰᠢᠯᠳᠠᠭᠠᠨ ᠠᠴᠠ ᠪᠤᠯᠵᠤ ᠬᠡᠪᠲᠡᠰᠢ ᠠᠴᠠ ᠪᠠᠨ ᠰᠢᠯᠵᠢᠵᠤ᠂ ᠡᠬᠡ ᠳᠤ ᠪᠠᠨ ᠤᠯᠠᠨ ᠵᠦᠢᠯ ᠤᠨ ᠬᠡᠪ ᠤᠨ ᠪᠤᠰᠤ ᠡᠪᠡᠷᠰᠢᠶᠡᠯ ᠵᠤᠪᠠᠯᠠᠩ ᠢ ᠠᠪᠴᠢᠷᠠᠳᠠᠭ᠃ ᠡᠬᠦᠨ ᠳᠤ ᠬᠡᠪᠡᠯᠢ ᠳᠠᠬᠢ ᠬᠡᠤᠬᠡᠳ ᠪᠤᠰᠤᠭ᠎ᠠ᠂ ᠬᠦᠨᠳᠠᠯᠠᠨ ᠠᠷᠤᠳᠠᠬᠤ᠂ ᠵᠦᠷᠢᠬᠦᠦ ᠪᠤᠶᠤ ᠲᠤᠷᠤᠭᠰᠢ ᠰᠠᠭᠤᠬᠤ ᠵᠡᠷᠭᠡ ᠲᠤᠩᠰᠢᠭ᠎ᠠ ᠲᠠᠢ ᠪᠤᠯᠳᠠᠭ᠃    ᠪᠤᠰᠤᠭ᠎ᠠ — ᠬᠡᠪᠡᠯᠢ ᠳᠠᠬᠢ ᠬᠡᠤᠬᠡᠳ ᠨᠢ ᠵᠤᠭᠰᠤᠭ᠎ᠠ ᠬᠡᠯᠪᠡᠷᠢ ᠲᠠᠢ ᠪᠠᠶᠢᠬᠤ ᠶᠢ ᠬᠡᠯᠡᠵᠤ ᠪᠤᠢ᠂ ᠪᠤᠰᠤᠭ᠎ᠠ ᠪᠤᠯᠬᠤ ᠳᠤ ᠡᠬᠡ ᠶᠢᠨ ᠪᠡᠶ᠎ᠡ ᠳᠤ ᠲᠠᠪᠤᠰᠠᠩ ᠴᠢᠨᠦᠷᠡᠵᠤ ᠰᠢᠭᠡᠰᠦ ᠬᠦᠷᠬᠦ᠂ ᠬᠦᠯ ᠴᠢᠷᠦᠭᠳᠡᠬᠦ᠂ ᠬᠠᠪᠤᠳᠬᠤ᠂ ᠠᠶᠤᠤᠯᠢᠬᠠᠢ ᠲᠡᠯᠡᠵᠤ ᠡᠪᠡᠳᠬᠦ ᠪᠠᠶᠢᠳᠠᠯ ᠢᠯᠡᠷᠡᠳᠡᠭ᠃     ᠬᠦᠨᠳᠡᠯᠡᠨ — ᠬᠡᠪᠡᠯᠢ ᠳᠠᠬᠢ ᠬᠡᠤᠬᠡᠳ ᠨᠢ ᠵᠡᠬᠦᠨᠰᠢ ᠪᠠᠷᠠᠭᠤᠨᠰᠢ ᠬᠦᠨᠳᠡᠯᠢᠰᠴᠤ ᠬᠡᠪᠳᠡᠭᠰᠡᠨ ᠪᠠᠶᠢᠳᠠᠯ ᠢ ᠬᠡᠯᠡᠵᠤ ᠪᠤᠢ᠃     ᠠᠷᠤᠳᠠᠰᠤ — ᠬᠡᠪᠡᠯᠢ ᠳᠠᠬᠢ ᠬᠡᠤᠬᠡᠳ ᠨᠢ ᠠᠭᠠᠷᠴᠠᠭ ᠶᠠᠰᠤᠨ ᠠᠴᠠ ᠠᠷᠤᠨᠰᠢ ᠪᠠᠨ ᠨᠢᠷᠤᠭᠤ ᠦᠭᠡᠲᠡ ᠰᠠᠭᠤᠭᠰᠠᠨ ᠪᠠᠶᠢᠳᠠᠯ ᠢ ᠵᠢᠭᠠᠵᠤ ᠪᠤᠢ᠂ ᠡᠬᠡ ᠶᠢᠨ ᠨᠢᠷᠤᠭᠤᠨ ᠤ ᠬᠡᠰᠡᠭ ᠱᠠᠷᠭᠢᠷᠠᠨ ᠡᠪᠡᠳᠬᠦ᠂ ᠬᠦᠯ ᠴᠢᠷᠦᠭᠳᠡᠬᠦ᠂ ᠪᠦᠭᠡᠷ᠎ᠡ ᠡᠪᠡᠳᠬᠦ ᠢᠯᠡᠷᠡᠯ ᠭᠠᠷᠳᠠᠭ᠃      ᠵᠦᠷᠢᠬᠦᠦ — ᠬᠡᠪᠡᠯᠢ ᠳᠠᠬᠢ ᠬᠡᠤᠬᠡᠳ ᠨᠢ ᠪᠤᠰᠤᠭ᠎ᠠ ᠬᠦᠨᠳᠡᠯᠡᠨ ᠤ ᠠᠯᠢᠨ ᠴᠦ ᠪᠢᠰᠢ᠂ ᠬᠤᠷᠢᠨ ᠲᠦᠷᠪᠡᠨ ᠵᠤᠪᠬᠢᠰ ᠤᠨ ᠠᠯᠢ ᠨᠢᠭᠡ ᠵᠦᠭ ᠲᠤ ᠵᠦᠷᠢᠬᠦᠯᠦᠨ ᠰᠠᠭᠤᠭᠰᠠᠨ ᠪᠠᠶᠢᠳᠠᠯ ᠢ ᠵᠢᠭᠠᠵᠤ ᠪᠤᠢ᠃     ᠲᠤᠷᠤᠭᠰᠢ ᠰᠠᠭᠤᠬᠤ — ᠬᠡᠪᠡᠯᠢ ᠳᠠᠬᠢ ᠬᠡᠤᠬᠡᠳ ᠨᠢ ᠡᠬᠡ ᠶᠢᠨ ᠠᠭᠠᠷᠴᠠᠭ ᠶᠠᠰᠤ ᠤᠷᠤᠭᠤ ᠨᠢ ᠲᠤᠯᠵᠤ ᠰᠠᠭᠤᠭᠰᠠᠨ ᠪᠠᠶᠢᠳᠠᠯ ᠢ ᠵᠢᠭᠠᠵᠤ ᠪᠤᠢ᠃ ᠡᠬᠡ ᠨᠢ ᠬᠦᠯ ᠴᠢᠷᠦᠭᠳᠡᠬᠦ᠂ ᠠᠯᠬᠤᠬᠤ ᠳᠤ ᠬᠦᠴᠢᠷᠳᠡᠬᠦ᠂ ᠪᠠᠶᠢᠨ ᠪᠠᠶᠢᠨ ᠰᠢᠭᠡᠰᠦ ᠬᠦᠷᠬᠦ᠂ ᠲᠠᠪᠤᠰᠠᠩ ᠴᠢᠨᠦᠷᠡᠬᠦ᠂ ᠬᠦᠨᠳᠦᠷᠡᠪᠡᠯ ᠠᠯᠬᠤᠵᠤ ᠴᠢᠳᠠᠬᠤ ᠦᠭᠡᠢ ᠪᠤᠯᠵᠤ ᠬᠦᠯ ᠨᠢ ᠬᠠᠪᠤᠳᠳᠠᠭ᠃     3᠂ ᠲᠤᠩᠰᠢᠭ᠎ᠠ ᠶᠢ ᠵᠠᠰᠠᠬᠤ ᠠᠷᠭ᠎ᠠ᠄     ︵1︶ ᠪᠤᠰᠤᠭ᠎ᠠ ᠲᠤᠩᠰᠢᠭ᠎ᠠ ᠶᠢ ᠵᠠᠰᠠᠬᠤ ᠳᠤ ᠬᠡᠪᠡᠯᠢ ᠳᠠᠬᠢ ᠬᠡᠤᠬᠡᠳ ᠤᠨ ᠲᠤᠯᠤᠭᠠᠢ ᠶᠢᠨ ᠲᠠᠯ᠎ᠠ ᠶᠢ ᠨᠢ ᠲᠤᠷᠤᠭᠰᠢ ᠲᠠᠷᠤᠵᠤ ᠢᠯᠢᠬᠦ᠂ ᠡᠷᠬᠢᠬᠦᠯᠬᠦ ᠠᠷᠭ᠎ᠠ ᠶᠢ ᠬᠡᠷᠡᠭᠯᠡᠨ᠎ᠡ᠃     ︵2︶ ᠬᠦᠨᠳᠡᠯᠡᠨ ᠲᠤᠩᠰᠢᠭ᠎ᠠ ᠶᠢ ᠵᠠᠰᠠᠬᠤ ᠳᠤ ᠮᠥᠨ ᠴᠦ ᠢᠯᠢᠬᠦ ᠡᠷᠬᠢᠬᠦᠯᠬᠦ ᠠᠷᠭ᠎ᠠ ᠪᠠᠷ ᠵᠠᠰᠠᠳᠠᠭ᠃    ︵3︶ ᠵᠦᠷᠢᠬᠦᠦ ᠲᠤᠩᠰᠢᠭ᠎ᠠ ᠶᠢ ᠵᠠᠰᠠᠬᠤ ᠳᠤ ᠬᠡᠪᠡᠯᠢ ᠳᠠᠬᠢ ᠬᠡᠤᠬᠡᠳ ᠤᠨ ᠲᠤᠯᠤᠭᠠᠢ ᠶᠢᠨ ᠲᠠᠯ᠎ᠠ ᠶᠢ ᠪᠠᠷᠢᠵᠤ ᠬᠦᠯᠪᠡᠷᠢᠬᠦᠯᠬᠦ᠂ ᠢᠯᠢᠬᠦ ᠶᠢ ᠤᠶᠠᠯᠳᠤᠭᠤᠯᠤᠨ ᠵᠠᠰᠠᠨ᠎ᠠ᠃    ︵4︶ ᠲᠤᠭᠤᠭᠰᠢ ᠰᠠᠭᠤᠭᠰᠠᠨ ᠲᠤᠩᠰᠢᠭ᠎ᠠ ᠶᠢ ᠡᠬᠡ ᠶᠢᠨ ᠬᠦᠯ ᠤᠨ ᠤᠯᠠ ᠠᠴᠠ ᠨᠢ ᠴᠤᠬᠢᠵᠤ ᠲᠤᠷᠬᠢᠭᠤᠯᠬᠤ ᠠᠷᠭ᠎ᠠ ᠪᠠ ᠲᠠᠬᠢᠮ ᠠᠴᠠ ᠨᠢ ᠪᠠᠷᠢᠵᠤ ᠲᠤᠷᠤᠭᠰᠢ ᠰᠡᠭᠰᠤᠷᠬᠦ ᠠᠷᠭ᠎ᠠ ᠶᠢ ᠬᠤᠤᠰᠯᠠᠭᠤᠯᠤᠨ ᠵᠠᠰᠠᠨ᠎ᠠ     ︵5︶ ᠠᠷᠤᠳᠠᠭᠰᠠᠨ ᠲᠤᠩᠰᠢᠭ᠎ᠠ ᠶᠢ ᠵᠠᠰᠠᠬᠤ ᠳᠤ ᠡᠬᠡ ᠶᠢᠨ ᠬᠢᠨᠢ ᠲᠤᠬᠤᠨ ᠨᠢᠷᠤᠭᠤᠨ ᠠᠴᠠ ᠨᠢ ᠲᠤᠷᠬᠢᠭᠤᠯᠬᠤ ᠠᠷᠭ᠎ᠠ ᠪᠠᠷ ᠵᠠᠰᠠᠨ᠎ᠠ᠃ ᠪᠠᠰᠠ ᠲᠤᠬᠤᠨ ᠨᠢᠷᠤᠭᠤ ᠤᠷᠤᠭᠤ ᠨᠢ ᠡᠪᠦᠳᠦᠭᠯᠡᠬᠦ ᠠᠷᠭ᠎ᠠ ᠶᠢ ᠬᠤᠤᠰᠯᠠᠭᠤᠯᠤᠨ ᠬᠡᠷᠡᠭᠯᠡᠳᠡᠭ᠃     4᠂ ᠵᠢᠷᠮᠤᠰᠤᠨ ᠡᠮᠡᠭᠲᠠᠢ ᠶᠢᠨ ᠬᠡᠢ ᠶᠢ ᠵᠠᠰᠠᠬᠤ ᠠᠷᠭ᠎ᠠ᠄     ᠢᠯᠢᠬᠦ — ᠵᠢᠷᠮᠤᠰᠤᠨ ᠡᠮᠡᠭᠲᠠᠢ ᠶᠢᠨ ᠬᠡᠢ ᠶᠢ ᠵᠠᠰᠠᠬᠤ ᠳᠤ ᠪᠠᠷᠢᠶᠠᠴᠢ ᠠᠴᠠ ᠵᠢᠷᠮᠤᠰᠤᠨ ᠡᠮᠡᠭᠲᠠᠢ ᠶᠢᠨ ᠬᠡᠳᠡᠰᠦ ᠶᠢ ᠪᠤᠷᠠᠮ ᠲᠠᠢ ᠠᠷᠢᠬᠢ ᠶᠢ ᠬᠠᠯᠠᠭᠠᠵᠤ ᠪᠠᠶᠢᠭᠠᠳ ᠭᠡᠳᠡᠰᠦᠨ ᠲᠡᠭᠡᠷ᠎ᠡ ᠨᠢ ᠦᠯᠢᠶᠡᠨ ᠰᠦᠷᠴᠢᠵᠤ ᠬᠤᠶᠠᠷ ᠠᠯᠠᠭ᠎ᠠ ᠪᠠᠷ ᠢᠶᠠᠨ ᠲᠠᠷᠤᠵᠤ ᠢᠯᠢᠨ᠎ᠡ᠃      ᠪᠠᠷᠢᠶ᠎ᠠ — ᠵᠢᠷᠮᠤᠰᠤᠨ ᠡᠮᠡᠭᠲᠠᠢ ᠶᠢᠨ ᠬᠡᠢ ᠵᠠᠰᠠᠯᠭ᠎ᠠ ᠶᠢᠨ ᠪᠠᠷᠢᠶ᠎ᠠ ᠶᠢ ᠬᠢᠬᠦ ᠳᠤ ᠵᠢᠷᠭᠤᠭᠠᠨ ᠲᠤᠬᠤᠢ ᠰᠢᠨ᠎ᠡ ᠬᠦᠬᠡ ᠪᠦᠰ ᠢ ᠪᠤᠴᠠᠯᠤᠮ᠎ᠠ ᠴᠠᠢ ᠲᠤᠳᠤᠷ᠎ᠠ ᠪᠠᠶᠢᠨ ᠲᠠᠬᠢᠨ ᠲᠦᠷᠦᠵᠤ ᠪᠠᠶᠢᠭᠠᠳ ᠬᠡᠪᠡᠯᠢ ᠶᠢᠨ ᠭᠡᠰᠡᠭ ᠢ ᠨᠢ ᠤᠷᠢᠶᠠᠵᠤ ᠬᠠᠯᠠᠭᠤᠨ ᠵᠢᠩ ᠲᠠᠯᠪᠢᠳᠠᠭ᠃ ᠪᠦᠰ ᠨᠢ ᠬᠦᠢᠳᠡᠨ ᠪᠤᠯᠬᠤ ᠬᠢᠷᠢ ᠳᠤ ᠪᠦᠰ ᠢᠶᠠᠨ ᠪᠠᠰᠠ ᠠᠬᠢᠵᠤ ᠴᠠᠢ ᠲᠤᠳᠤᠷ᠎ᠠ ᠪᠠᠨ ᠲᠦᠷᠦᠵᠤ ᠡᠨᠡ ᠮᠡᠳᠦ ᠪᠠᠷ 3 — 7 ᠤᠳᠠᠭ᠎ᠠ ᠵᠢᠩ ᠲᠠᠯᠪᠢᠳᠠᠭ᠂ ᠪᠠᠷᠢᠶ᠎ᠠ ᠬᠢᠭᠰᠡᠨ ᠡᠳᠦᠷ ᠲᠤ ᠪᠠᠨ ᠲᠦᠬᠦᠷᠴᠤ ᠪᠠᠶᠢᠭᠰᠠᠨ ᠬᠡᠢ ᠨᠢ ᠠᠯᠠᠭ᠎ᠠ ᠪᠤᠯᠵᠤ᠂ ᠲᠤᠩ ᠲᠠᠭᠠᠯᠠᠮᠵᠢᠲᠠᠢ ᠪᠤᠯᠵᠤ᠂ ᠡᠶᠢᠮᠦ ᠵᠠᠰᠠᠯᠭ᠎ᠠ ᠬᠢᠭᠰᠡᠨ ᠡᠮᠡᠭᠲᠡᠢ ᠬᠦᠩᠭᠡᠵᠢᠬᠦ ᠬᠦᠷᠲᠡᠯ᠎ᠡ ᠪᠠᠨ ᠲᠠᠬᠢᠵᠤ ᠦᠭᠡᠷ᠎ᠡ ᠵᠠᠰᠠᠯᠭ᠎ᠠ ᠬᠢᠬᠦ ᠴᠢᠬᠤᠯᠠ ᠦᠭᠡᠢ ᠪᠠᠶᠢᠳᠠᠭ᠃      ᠱᠦᠯᠦ ᠤᠤᠭᠤᠯᠭᠠᠬᠤ — ᠵᠢᠷᠮᠤᠰᠤᠨ ᠡᠮᠡᠭᠲᠠᠢ ᠳᠤ ᠬᠦᠩᠭᠡᠵᠢᠬᠦ ᠠᠴᠠ ᠤᠷᠢᠳ ᠬᠤᠭᠤᠴᠠᠭᠠᠨ ᠳᠤ ᠬᠤᠨᠢ ᠢᠮᠠᠭᠠᠨ ᠤ ᠬᠠᠷ᠎ᠠ ᠮᠢᠬ᠎ᠠ ᠶᠢ ᠵᠢᠵᠢᠭ ᠬᠡᠰᠡᠭ ᠪᠤᠯᠭᠠᠨ ᠴᠢᠨᠠᠭᠰᠠᠨ ᠱᠦᠯᠦ ᠶᠢ ᠡᠳᠦᠷ ᠲᠤ ᠬᠤᠶᠠᠷ ᠤᠳᠠᠭ᠎ᠠ ᠭᠤᠷᠪᠠ ᠠᠴᠠ ᠲᠠᠪᠤᠨ ᠬᠤᠨᠤᠭ ᠤᠤᠭᠤᠯᠭᠠᠨ᠎ᠠ᠃      ᠡᠮ ᠤᠤᠭᠤᠯᠭᠠᠬᠤ — ᠵᠢᠷᠮᠤᠰᠤᠨ ᠡᠮᠡᠭᠲᠠᠢ ᠳᠤ ᠭᠡᠢ ᠶᠢᠨ ᠡᠮ ᠢ ᠪᠤᠷᠠᠮ ᠪᠤᠶᠤ ᠮᠢᠬᠠᠨ ᠤ ᠱᠦᠯᠦ ᠪᠠᠷ ᠬᠦᠯᠭᠡ ᠪᠤᠯᠭᠠᠨ ᠲᠠᠷᠤᠭᠤᠯᠵᠤ᠂ ᠬᠡᠢ ᠶᠢ ᠵᠠᠰᠠᠳᠠᠭ      5᠂ ᠨᠢᠷᠠᠶᠢᠯᠠᠬᠤ ᠠᠴᠠ ᠡᠮᠦᠨᠡᠬᠢ ᠰᠢᠨᠵᠢ ᠶᠢ ᠲᠤᠳᠤᠯᠠᠨ ᠲᠠᠨᠢᠬᠤ ᠲᠤᠬᠠᠢ᠄     ︵1︶ ᠡᠬᠡ ᠶᠢᠨ ᠬᠢᠨᠢ ᠪᠡᠶ᠎ᠡ ᠠᠴᠠ ᠪᠤᠶᠤ ᠤᠮᠠᠢ ᠠᠴᠠ ᠨᠢ ᠴᠢᠰᠦ ᠠᠷᠪᠢᠨ ᠴᠤᠪᠤᠷᠠᠭᠰᠠᠨ ᠪᠣᠯ ᠲᠡᠷᠡ ᠨᠢ ᠡᠬᠡ ᠶᠢᠨ ᠲᠠᠮᠢᠷ ᠢ ᠰᠢᠭᠤᠳ ᠬᠤᠤᠷᠯᠠᠬᠤ ᠲᠤᠯᠠ ᠬᠡᠪᠡᠯᠢ ᠳᠤ ᠤᠷᠤᠰᠢᠭᠰᠠᠨ ᠬᠡᠤᠬᠡᠳ ᠪᠠᠰᠠ ᠨᠢᠷᠠᠶᠢᠯᠠᠵᠤ ᠦᠯᠦ ᠴᠢᠳᠠᠨ᠎ᠠ᠃     ︵2︶ ᠡᠬᠡ ᠶᠢᠨ ᠬᠢᠨᠢ ᠪᠡᠶ᠎ᠡ ᠨᠢ ᠠᠰᠤᠷᠤ ᠲᠠᠷᠭᠤᠨ ᠪᠣᠯ ᠤᠮᠠᠢ ᠶᠢᠨ ᠡᠬᠦᠳᠡ ᠪᠠᠰᠠ ᠲᠠᠷᠭᠤᠨ ᠪᠠᠶᠢᠵᠤ ᠬᠡᠳᠦ᠋ᠢᠪᠡᠷ ᠶᠢᠰᠤᠨ ᠰᠠᠷ᠎ᠠ ᠬᠦᠢᠴᠡᠭᠰᠡᠨ ᠪᠠᠶᠢᠪᠠᠴᠤ ᠨᠢᠷᠠᠶᠢᠯᠠᠬᠤ ᠳᠤ ᠬᠦᠴᠢᠷ ᠪᠤᠯᠳᠠᠭ᠃     ︵3︶ ᠤᠷᠤᠭᠤ ᠠᠷᠢᠯᠭᠠᠭᠴᠢ ᠭᠡᠢ ᠴᠤᠭᠯᠠᠷᠠᠭᠠᠳ ᠤᠮᠠᠢ ᠶᠢᠨ ᠡᠬᠦᠳᠡ ᠶᠢ ᠬᠠᠭᠠᠭᠳᠠᠭᠤᠯᠤᠭᠰᠠᠨ ᠪᠣᠯ ᠨᠢᠷᠠᠶᠢᠯᠠᠵᠤ ᠴᠢᠳᠠᠬᠤ ᠦᠭᠡᠢ ᠰᠠᠭᠠᠳᠠᠬᠤ ᠪᠤᠯᠤᠨ᠎ᠠ᠃ ᠡᠬᠦᠨ ᠳᠤ ᠬᠡᠤᠬᠡᠳ ᠤᠨ ᠰᠠᠭᠤᠳᠠᠯ ᠨᠢ ᠰᠠᠶ᠋ᠢ ᠶᠢᠨ ᠬᠡᠯᠡᠭᠰᠡᠨ ᠭᠤᠷᠪᠠᠨ ᠰᠢᠯᠳᠠᠭᠠᠨ ᠤ ᠠᠯᠢᠨ ᠢᠶᠠᠷ ᠨᠢ ᠴᠦ ᠭᠠᠷᠤᠭᠰᠠᠨ ᠪᠠᠶᠢᠵᠤ ᠪᠤᠯᠤᠨ᠎ᠠ᠃      ᠵᠠᠰᠠᠯᠲᠠ᠄ ᠨᠢᠭᠡ ᠳᠤ᠂ ᠨᠢᠷᠠᠶᠢᠯᠠᠬᠤ ᠳᠤ ᠪᠡᠷᠭᠡ ᠲᠠᠢ ᠪᠤᠯᠤᠭᠰᠠᠨ ᠪᠠ ᠬᠤᠶᠢᠳᠤᠬᠢ ᠨᠢ ᠰᠠᠭᠠᠳᠠᠭᠰᠠᠨ ᠢ ᠭᠠᠷᠭᠠᠬᠤ ᠪᠠᠶᠢᠳᠠᠯ ᠢ ᠵᠠᠰᠠᠬᠤ ᠳᠤ ᠡᠷ᠎ᠡ ᠮᠤᠭᠠᠢ ᠶᠢᠨ ᠬᠠᠯᠢᠰᠦ ᠪᠠᠷ ᠬᠦᠩᠬᠡᠵᠢᠬᠦ ᠡᠮᠡᠭᠲᠡᠢ ᠶᠢᠨ ᠤᠮᠠᠢ ᠶᠢ ᠤᠳᠤᠬᠤ ᠪᠠ ᠤᠳᠤᠨ ᠴᠡᠴᠡᠭ ᠵᠢᠴᠢ ᠲᠡᠬᠦᠨ ᠤ ᠦᠨᠳᠦᠰᠦ᠂ ᠵᠢᠮᠪᠠ ᠪᠢᠱᠠᠯᠠ ᠶᠢ ᠭᠠᠷ ᠬᠦᠯ ᠳᠤ ᠨᠢ ᠤᠶᠠᠵᠤ ᠵᠠᠰᠠᠳᠠᠭ᠃ ᠡᠬᠦᠨ ᠠᠴᠠ ᠭᠠᠳᠠᠨ᠎ᠠ ᠲᠤᠳᠤᠷᠭᠠᠨ ᠠᠮᠤᠰᠤ ᠪᠠ ᠮᠢᠬᠠᠨ ᠱᠦᠯᠦ᠂ ᠬᠡᠬᠡᠨ ᠲᠤᠰᠦ ᠲᠠᠢ ᠠᠷᠪᠠᠢ ᠶᠢᠨ ᠠᠮᠤᠰᠤ ᠢᠳᠡᠬᠦᠯᠬᠦ ᠵᠡᠷᠭᠡ ᠵᠦᠭᠡᠯᠡᠨ ᠰᠢᠮᠡᠳᠦ ᠢᠳᠡᠭᠡᠨ ᠤ ᠲᠠᠯ᠎ᠠ ᠪᠠᠷ ᠤᠷᠢᠳᠴᠢᠯᠠᠨ ᠵᠠᠰᠠᠳᠠᠭ᠃     ᠬᠤᠶᠠᠷ ᠲᠤ᠂ ᠬᠡᠪᠡᠯᠢ ᠳᠠᠬᠢ ᠬᠡᠤᠬᠡᠳ ᠮᠠᠩᠨᠠᠢ ᠪᠠᠷ ᠢᠶᠠᠨ ᠠᠭᠠᠷᠴᠠᠭ ᠶᠠᠰᠤᠨ ᠳᠤ ᠲᠡᠭᠡᠭᠯᠡᠭᠰᠡᠨ ᠢ ᠪᠠᠷᠢᠶᠠᠴᠢ ᠠᠴᠠ ᠡᠬᠡ ᠶᠢᠨ ᠪᠡᠶ᠎ᠡ ᠶᠢ ᠢᠯᠢᠬᠦ ᠪᠠ ᠬᠦᠯᠪᠡᠷᠢᠬᠦᠯᠦᠨ ᠲᠡᠭᠰᠢᠯᠡᠬᠦ ᠠᠷᠭ᠎ᠠ ᠪᠠᠷ ᠬᠦᠩᠬᠡᠵᠢᠬᠦᠯᠳᠡᠭ᠃ ᠡᠬᠦᠨ ᠳᠤ ᠴᠠᠭ ᠠᠴᠠ ᠪᠠᠨ ᠤᠷᠢᠳ ᠠᠷᠤᠳᠠᠭᠰᠠᠨ ᠬᠡᠤᠬᠡᠳ ᠢ ᠡᠬᠡ ᠶᠢᠨ ᠬᠦᠯ ᠤᠨ ᠤᠯᠠ ᠠᠴᠠ ᠲᠤᠷᠬᠢᠭᠤᠯᠤᠨ ᠪᠠᠶᠢᠵᠤ ᠬᠦᠩᠬᠡᠵᠢᠬᠦᠯᠳᠡᠭ᠃ ᠪᠤᠰᠤᠳ ᠨᠦᠬᠦᠴᠡᠯ ᠠᠴᠠ ᠪᠤᠯᠤᠭᠰᠠᠨ ᠰᠠᠭᠠᠳ ᠲᠠᠢ ᠬᠦᠩᠬᠡᠵᠢᠯᠲᠡ ᠳᠤ ᠪᠠᠴᠢᠮ ᠰᠤᠴᠢᠭᠠᠯᠲᠠ ᠰᠡᠷᠡᠯᠲᠡ ᠦᠭᠬᠦ ᠠᠷᠭ᠎ᠠ᠂ ︽ᠪᠤᠷᠤᠭᠤᠯᠠᠬᠤ︾ ᠠᠷᠭ᠎ᠠ ᠵᠡᠷᠭᠡ ᠠᠮᠢᠳᠤᠯᠢᠭ ᠢᠶᠠᠷ ᠦᠪᠡᠷ ᠤᠨ ᠪᠠᠶᠢᠳᠠᠯ ᠳᠤ ᠨᠢ ᠲᠤᠬᠢᠷᠠᠭᠰᠠᠨ ᠠᠷᠭ᠎ᠠ ᠠᠪᠴᠠᠯ ᠠᠪᠳᠠᠭ ᠪᠠᠶᠢᠨ᠎ᠠ᠃ ︵4︶ ᠡᠬᠡ ᠠᠴᠠ ᠨᠢᠷᠠᠶᠢᠯᠠᠬᠤ ᠰᠢᠨᠵᠢ᠄ ᠬᠤᠯᠠ ᠶᠢᠨ ᠰᠢᠨᠵᠢ ᠪᠠ ᠤᠶᠢᠷ᠎ᠠ ᠶᠢᠨ ᠰᠢᠨᠵᠢ ᠭᠡᠵᠤ ᠪᠠᠶᠢᠳᠠᠭ᠃     6᠂ ᠰᠠᠷ᠎ᠠ ᠳᠤ ᠰᠠᠭᠤᠬᠤ      ︵1︶ ᠰᠠᠷ᠎ᠠ ᠶᠢᠨ ᠭᠡᠷ ᠪᠠᠷᠢᠬᠤ᠄ ᠤᠷᠠᠳ ᠤᠨ ᠵᠠᠩᠰᠢᠯ ᠢᠶᠠᠷ ᠪᠣᠯ ᠡᠮᠡᠭᠲᠠᠢ ᠬᠦᠮᠦᠨ ᠲᠦᠷᠦᠬᠦ ᠦᠶ᠎ᠡ ᠳᠤ ᠵᠠᠪᠠᠯ ᠲᠤᠰᠬᠠᠢ ︽ᠰᠠᠷ᠎ᠠ ᠶᠢᠨ ᠭᠡᠷ︾ ᠬᠡᠵᠤ ᠠᠰᠲᠠᠭᠠᠨ ᠮᠤᠩᠭᠤᠯ ᠭᠡᠷ ᠦᠭᠳᠡᠭ ᠠᠭᠠᠯᠢ ᠲᠠᠢ ᠪᠢᠯᠡ᠃ ᠮᠥᠨ ᠡᠨᠡᠬᠦ ᠭᠡᠷ ᠲᠤ ᠪᠠᠨ ᠪᠦᠳᠦᠨ ᠨᠢᠭᠡ ᠰᠠᠷ᠎ᠠ ᠰᠠᠭᠤᠵᠤ ᠲᠦᠬᠦᠷᠭᠡᠬᠦ ᠶᠤᠰᠤ ᠲᠠᠢ ᠪᠠᠶᠢᠳᠠᠭ᠃ ᠡᠬᠦᠨ ᠢ ᠰᠠᠷ᠎ᠠ ᠳᠤ ᠰᠠᠭᠤᠬᠤ ᠬᠡᠳᠡᠭ᠃ ᠠᠮᠠᠷᠠᠬᠤ ᠤᠨᠳᠠᠬᠤ᠂ ᠰᠠᠭᠤᠬᠤ᠂ ᠢᠳᠡᠬᠦ ᠠᠴᠠ ᠡᠬᠢᠯᠡᠨ ᠨᠢᠮᠪᠠᠢ ᠰᠠᠶᠢᠬᠠᠨ ᠪᠠᠷᠢᠮᠳᠠᠯᠠᠨ ᠰᠠᠬᠢᠳᠠᠭ᠂ ᠮᠥᠨ ᠴᠦ ᠢᠳᠡᠭᠡᠨ ᠤᠮᠳᠠᠭᠠᠨ ᠤ ᠲᠠᠯ᠎ᠠ ᠶᠢᠨ ᠰᠤᠪᠢᠯᠠᠯᠲᠠ ᠶᠢ ᠤᠨᠴᠠ ᠠᠩᠬᠠᠷᠳᠠᠭ᠃      ︵2︶ ᠬᠦᠩᠬᠡᠵᠢᠬᠦ ᠶᠢᠨ ᠡᠮᠦᠨᠡᠬᠢ ᠪᠡᠯᠡᠳᠭᠡᠯ ᠦᠢᠯᠡ᠄      ᠬᠤᠴᠢᠯᠭ᠎ᠠ — ᠬᠤᠴᠢᠵᠤ ᠪᠠᠭᠯᠠᠵᠤ ᠠᠪᠬᠤ ᠨᠦᠮᠦᠷᠭᠡ ᠪᠦᠰ᠂ ᠬᠡᠤᠬᠡᠳ ᠤᠨ ᠡᠴᠢᠭᠡ ᠶᠢᠨ ᠬᠢᠨᠢ ᠬᠠᠭᠤᠴᠢᠨ ᠬᠤᠪᠴᠠᠰᠤᠨ ᠤ ᠪᠦᠰ ᠢᠶᠠᠷ ᠬᠢᠪᠡᠯ ᠬᠡᠤᠬᠡᠳ ᠲᠤ ᠰᠠᠶᠢᠨ ᠬᠡᠳᠡᠭ᠃      ᠬᠠᠭᠤᠷᠠᠶᠢᠯᠠᠬᠤ ᠲᠡᠪᠢᠰᠭᠡᠷ — ᠬᠤᠴᠢᠯᠭ᠎ᠠ ᠶᠢᠨ ᠲᠤᠳᠤᠷ᠎ᠠ ᠬᠡᠷᠡᠭᠯᠡᠬᠦ᠂ ᠰᠢᠭᠡᠰᠦ ᠪᠠᠭᠠᠰᠤ ᠶᠢ ᠰᠤᠯᠢᠬᠤ ᠪᠢᠴᠢᠬᠠᠨ ᠪᠦᠰ ᠲᠡᠪᠢᠰᠭᠡᠷ᠂ ᠡᠳᠡᠭᠡᠷ ᠢ ᠪᠦᠷ ᠬᠠᠭᠤᠴᠢᠨ ᠬᠤᠪᠴᠠᠰᠤᠨ ᠤ ᠪᠦᠰ ᠢᠶᠠᠷ ᠬᠢᠳᠡᠭ᠃      ᠬᠠᠶᠢᠴᠢ — ᠬᠦᠢᠰᠦ ᠶᠢ ᠤᠭᠳᠤᠯᠬᠤ ᠳᠤ ᠵᠤᠷᠢᠭᠤᠯᠤᠭᠰᠠᠨ ᠨᠠᠷᠢᠬᠠᠨ ᠪᠢᠴᠢᠬᠠᠨ ᠬᠠᠶᠢᠴᠢ᠂ ᠬᠡᠤᠬᠡᠳ ᠤᠨ ᠬᠦᠢᠰᠦ ᠶᠢ ᠤᠭᠳᠤᠯᠤᠨ ᠠᠪᠤᠭᠰᠠᠨ ᠬᠦᠮᠦᠨ ᠢ ᠬᠡᠤᠬᠡᠳ ᠤᠨ ︽ᠬᠦᠢ ᠡᠵᠢ︾ ︽ᠮᠠᠭᠤ ᠡᠵᠢ︾ ᠬᠡᠮᠡᠨ ᠨᠠᠰᠤᠨ ᠲᠤᠷᠰᠢᠲᠠ ᠬᠦᠨᠳᠤᠳᠭᠡᠨ ᠲᠠᠭᠤᠳᠠᠬᠤ ᠵᠠᠩᠰᠢᠯ ᠲᠠᠢ ᠪᠢᠯᠡ᠃      ᠪᠤᠭᠤᠯᠲᠠ — ᠬᠦᠢᠰᠦ ᠶᠢ ᠪᠤᠭᠤᠬᠤ ᠳᠤ ᠵᠤᠷᠢᠭᠤᠯᠤᠭᠰᠠᠨ ᠪᠠᠬᠢᠯᠢᠭ᠌ ᠨᠠᠷᠢᠨ ᠲᠠᠮᠤᠭᠰᠠᠨ ᠤᠳᠠᠰᠤ ᠪᠠ ᠬᠦᠢᠰᠦ ᠲᠠᠷᠤᠵᠤ ᠪᠤᠭᠤᠬᠤ ᠢᠮᠠᠬᠤ ᠦᠷᠭᠡᠨ ᠤᠷᠳᠤ ᠪᠦᠰᠡ ᠶᠢ ᠪᠠᠰᠠ ᠪᠤᠭᠤᠯᠲᠠ ᠭᠡᠳᠡᠭ᠃     7᠂ ᠪᠤᠰᠤᠳ ᠵᠠᠩ ᠦᠢᠯᠡ     ᠵᠢᠷᠮᠤᠰᠦᠨ ᠤ ᠬᠤᠭᠤᠴᠠᠭᠠᠨ ᠳᠤ ᠬᠤᠷᠭᠤᠰᠤ ᠬᠠᠳᠠᠵᠤ ᠪᠠᠶᠢᠭᠰᠠᠨ ᠢ ᠲᠤᠰᠤ ᠪᠤᠶᠤ ᠵᠤᠬᠢᠬᠤ ᠵᠦᠭᠡᠯᠡᠨ ᠰᠢᠮᠡᠳᠦ ᠪᠠᠷ ᠲᠠᠷᠤᠢ ᠳᠤ ᠨᠢ ᠡᠮᠴᠢᠯᠡᠭᠰᠡᠨ ᠦᠭᠡᠢ ᠠᠴᠠ ᠪᠤᠯᠵᠤ ᠬᠦᠩᠬᠡᠵᠢᠬᠦ ᠳᠤ ᠲᠤᠩ ᠬᠦᠨᠳᠦ ᠠᠶᠤᠯ ᠠᠪᠴᠢᠷᠠᠳᠠᠭ᠃ ᠬᠡᠪᠡᠯᠢ ᠲᠤᠳᠤᠷ᠎ᠠ ᠪᠠᠨ ᠦᠬᠦᠭᠰᠡᠨ ᠪᠠᠶᠢᠪᠠᠯ ᠬᠡᠪᠡᠯᠢ ᠶᠢᠨ ᠲᠤᠤᠷᠠᠳᠤ ᠬᠡᠰᠡᠭ ᠬᠦᠢᠳᠡᠨ ᠤᠷᠬᠢᠬᠤ᠂ ᠦᠷᠬᠦᠯᠵᠢ ᠪᠡᠷᠭᠡᠰᠢᠶᠡᠬᠦ᠂ ᠪᠡᠶ᠎ᠡ ᠬᠦᠰᠢᠬᠦ᠂ ᠰᠡᠯᠡᠬᠦᠷᠡᠵᠤ ᠬᠦᠬᠡᠬᠡᠬᠦ᠂ ᠨᠢᠯᠬ᠎ᠠ ᠬᠡᠤᠬᠡᠳ ᠬᠡᠪᠳᠡᠰᠢ ᠳᠤ ᠪᠠᠨ ᠦᠯᠦ ᠬᠦᠳᠡᠯᠬᠦ᠂ ᠲᠤᠯᠤᠭᠠᠢ ᠨᠢ ᠡᠷᠬᠢᠬᠦ᠂ ᠤᠮᠳᠠᠭᠠᠰᠬᠤ᠂ ᠠᠮᠢᠰᠬᠤᠭ᠎ᠠ ᠬᠦᠴᠢᠷᠳᠡᠬᠦ᠂ ᠪᠤᠬᠢᠨᠢᠳᠤᠯ ᠵᠤᠪᠠᠯᠠᠩ ᠳᠤ ᠤᠷᠤᠬᠤ᠂ ᠨᠢᠳᠦ ᠤᠷᠪᠠᠭ᠋ᠤ ᠮᠡᠳᠦ ᠪᠠᠷ ᠤᠯᠠᠨ ᠵᠦᠢᠯ ᠤᠨ ᠡᠪᠡᠳᠴᠢᠨ ᠡᠷᠬᠡ ᠦᠭᠡᠢ ᠭᠠᠷᠬᠤ ᠶᠤᠮ᠃      ᠢᠯᠢᠬᠦ ᠠᠷᠭ᠎ᠠ ᠪᠠᠷ ᠪᠠᠭᠤᠯᠭᠠᠬᠤ — ᠪᠦᠯᠢᠶᠡᠨ ᠤᠰᠤ ᠪᠠᠷ ᠪᠡᠯᠭᠡ ᠶᠢᠨ ᠬᠡᠰᠡᠭ ᠢ ᠤᠬᠢᠶᠠᠨ ᠪᠤᠷᠠᠮ᠂ ᠲᠠᠪᠤᠰᠤ ᠲᠠᠢ ᠨᠤᠬᠤᠮᠠᠯ ᠢ ᠪᠡᠯᠭᠡ ᠶᠢᠨ ᠲᠤᠳᠤᠷ᠎ᠠ ᠨᠢ ᠬᠡᠳᠦᠨᠲᠡ ᠲᠦᠷᠬᠢᠵᠤ᠂ ᠬᠡᠪᠡᠯᠢ ᠶᠢᠨ ᠲᠤᠳᠤᠷᠠᠬᠢ ᠦᠬᠦᠳᠡᠯ ᠢ ᠲᠡᠭᠰᠢᠯᠡᠨ ᠢᠯᠢᠵᠤ ᠪᠠᠶᠢᠭᠠᠳ ᠭᠠᠷᠭᠠᠳᠠᠭ᠃      ᠭᠠᠷᠳᠠᠵᠤ ᠭᠠᠷᠭᠠᠬᠤ ᠠᠷᠭ᠎ᠠ — ᠪᠠᠷᠢᠶᠠᠴᠢ ᠠᠴᠠ ᠭᠠᠷ ᠲᠤ ᠪᠠᠨ ᠰᠠᠯᠠᠮᠠᠭᠠᠢ ᠶᠢᠨ ᠲᠤᠰᠦ ᠰᠠᠯᠲᠠ ᠶᠢ ᠲᠤᠷᠬᠢᠵᠤ ᠪᠠᠶᠢᠭᠠᠳ ᠵᠢᠷᠮᠤᠰᠤᠨ ᠡᠮᠡᠭᠲᠡᠢ ᠶᠢᠨ ᠪᠡᠶ᠎ᠡ ᠶᠢ ᠲᠡᠭᠰᠢᠯᠡᠬᠦ᠂ ᠮᠤᠷᠦ᠋ᠢᠯᠭᠠᠵᠤ ᠬᠦᠷᠪᠡᠬᠦᠯᠬᠦ᠂ ᠡᠷᠬᠦᠬᠦ᠂ ᠰᠢᠬᠠᠬᠤ ᠵᠡᠷᠭᠡ ᠪᠠᠷ ᠶᠤᠰᠤᠴᠢᠯᠠᠨ ᠬᠦᠳᠡᠯᠭᠡᠵᠤ ᠪᠠᠷᠠᠭᠠᠳ ᠪᠠᠷᠢᠶᠠᠴᠢ ᠠᠴᠠ ᠭᠠᠷ ᠢᠶᠠᠨ ᠤᠮᠠᠢ ᠳᠤ ᠨᠢ ᠰᠢᠭᠤᠳ ᠤᠷᠤᠭᠤᠯᠵᠤ ᠪᠠᠶᠢᠭᠠᠳ ᠡᠪ ᠢ ᠦᠵᠡᠵᠦ ᠠᠷᠭ᠎ᠠ ᠲᠤᠮ ᠬᠢᠵᠤ ᠪᠠᠶᠢᠭᠠᠳ ᠲᠠᠳᠠᠵᠤ ᠭᠠᠷᠭᠠᠬᠤ ᠶᠢ ᠭᠠᠷᠳᠠᠬᠤ ᠭᠡᠳᠡᠭ᠃     ︵3︶ ᠦᠬᠦᠳᠡᠯ ᠢ ᠲᠤᠶᠠᠴᠢᠯᠠᠵᠤ ᠭᠠᠷᠭᠠᠬᠤ᠄ ᠵᠠᠷᠢᠮ ᠬᠡᠪᠡᠯᠢ ᠲᠤᠳᠤᠷ᠎ᠠ ᠪᠠᠨ ᠦᠬᠦᠭᠰᠡᠨ ᠬᠡᠤᠬᠡᠳ ᠤᠨ ᠤᠷᠤᠰᠢᠯᠲᠠ ᠨᠢ ᠤᠨᠴᠠ ᠶᠢᠨ ᠪᠠᠶᠢᠳᠠᠯ ᠲᠠᠢ ᠪᠠᠶᠢᠳᠠᠭ᠃ ᠵᠢᠱᠢᠶᠡᠯᠡᠬᠦ ᠳᠤ᠂ ᠬᠡᠤᠬᠡᠳ ᠤᠨ ᠨᠢᠭᠡ ᠬᠦᠯ ᠨᠢ ᠤᠮᠠᠢ ᠶᠢᠨ ᠰᠦᠪᠡ ᠪᠠᠷ ᠭᠠᠷᠴᠤ ᠢᠷᠡᠭᠰᠡᠨ ᠪᠠᠶᠢᠳᠠᠯ᠎ᠠ ᠨᠦᠬᠦᠭᠡ ᠬᠦᠯ ᠨᠢ ᠰᠦᠪᠡ ᠲᠡᠶᠢᠰᠢ ᠨᠤᠭᠤᠷᠠᠵᠤ ᠰᠠᠭᠤᠭᠰᠠᠨ ᠪᠠᠶᠢᠳᠠᠭ᠂ ᠡᠬᠦᠨ ᠢ ᠲᠦᠭᠵᠢᠭᠳᠡᠭᠰᠡᠨ ᠭᠡᠳᠡᠭ᠃ ᠡᠨᠡ ᠮᠡᠳᠦ ᠰᠠᠭᠠᠳᠠᠯ ᠶᠡᠭᠡ ᠲᠠᠢ ᠪᠤᠯᠪᠠᠯ ᠦᠬᠦᠳᠡᠯ ᠢ ᠲᠦᠬᠦᠷᠢᠭ ᠬᠡᠯᠪᠡᠷᠢ ᠲᠠᠢ ᠬᠤᠷᠴᠠ ᠮᠡᠰᠡ ᠪᠠᠷ ᠤᠭᠳᠤᠴᠢᠵᠤ ᠰᠠᠯᠭᠠᠵᠤ ᠠᠪᠬᠤ ᠬᠡᠷᠡᠭᠲᠡᠢ ᠪᠤᠯᠳᠠᠭ᠂ ᠡᠬᠦᠨ ᠢ ᠲᠤᠶᠠᠴᠢᠯᠠᠵᠤ ᠭᠠᠷᠭᠠᠬᠤ ᠭᠡᠳᠡᠭ᠃ ᠭᠡᠬᠦ ᠳᠤ ᠪᠠᠨ ᠰᠢᠨᠵᠢᠯᠡᠵᠤ ᠮᠡᠳᠡᠭᠰᠡᠨ ᠦᠭᠡᠢ ᠪᠠᠷ ᠲᠡᠮᠡᠢ ᠪᠠᠯᠠᠢ ᠪᠠᠷ ᠦᠢᠯᠡᠳᠴᠤ ᠪᠤᠯᠬᠤ ᠦᠭᠡᠢ ᠬᠡᠳᠡᠭ ᠢ ᠡᠬᠡ ᠪᠠᠷᠢᠶᠠᠴᠢ ᠪᠦᠬᠦᠨ ᠴᠠᠭᠠᠵᠠ ᠬᠤᠷᠢᠭ᠎ᠠ ᠪᠤᠯᠭᠠᠳᠠᠭ᠃      ᠤᠷᠠᠳ ᠨᠤᠳᠤᠭ ᠤᠨ ᠠᠬᠠᠮᠠᠳ ᠶᠡᠭᠡ ᠡᠬᠡ ᠪᠠᠷᠢᠶᠠᠴᠢ ᠲᠠᠬᠢᠭᠤ ᠭᠡᠭᠴᠢ ᠬᠦᠮᠦᠨ ᠤᠷᠠᠳ ᠤᠨ ᠲᠤᠮᠳᠠᠳᠤ ᠬᠤᠰᠢᠭᠤᠨ ᠤ ᠴᠤᠩᠵᠢ ᠰᠤᠮᠤ ᠪᠠᠷ ᠨᠤᠳᠤᠭᠲᠠᠢ᠃ ᠲᠠᠬᠢᠭᠤ ᠭᠤᠸᠠᠢ ᠵᠢᠷᠮᠤᠰᠦᠨ ᠡᠮᠡᠭᠲᠡᠢ ᠶᠢᠨ ᠬᠡᠪᠡᠯᠢ ᠳᠠᠬᠢ ᠦᠬᠦᠭᠰᠡᠨ ᠬᠡᠤᠬᠡᠳ ᠢ ᠲᠤᠶᠠᠴᠢᠯᠠᠨ ᠭᠠᠷᠭᠠᠬᠤ ᠳᠤ ᠪᠠᠨ ᠤᠨᠴᠠᠭᠠᠢ ᠴᠠᠭᠠᠷᠠᠨ ᠮᠡᠷᠭᠡᠵᠢᠭᠰᠡᠨ ᠬᠦᠮᠦᠨ ᠬᠡᠵᠤ ᠤᠷᠠᠳ ᠨᠤᠳᠤᠭ ᠤᠨ ᠠᠷᠠᠳ ᠤᠨ ᠲᠤᠮᠲᠠ ᠤᠳᠤ ᠪᠤᠯᠳᠠᠯ᠎ᠠ ᠠᠯᠳᠠᠷ ᠨᠡᠷ᠎ᠡ ᠨᠢ ᠤᠯᠠᠮᠵᠢᠯᠠᠭᠳᠠᠭᠰᠠᠭᠠᠷ ᠪᠠᠶᠢᠨ᠎ᠠ᠃ ᠲᠡᠭᠡᠷᠡᠬᠢ ᠮᠡᠳᠦ ᠲᠤᠶᠠᠴᠢᠬᠤ ᠦᠢᠯᠡ ᠶᠢ ᠦᠢᠯᠡᠳᠬᠦ ᠳᠤ ᠡᠬᠡ ᠶᠢᠨ ᠪᠡᠶ᠎ᠡ ᠶᠢ ᠤᠨᠴᠠ ᠰᠠᠶᠢᠳᠤᠷ ᠬᠢᠴᠢᠶᠡᠨ ᠬᠠᠮᠠᠭᠠᠯᠠᠬᠤ ᠶᠢ ᠡᠷᠬᠢᠮᠯᠡᠳᠡᠭ᠃      8᠂ ᠬᠤᠶᠢᠳᠤᠬᠢ ᠶᠢ ᠪᠠᠭᠤᠯᠭᠠᠬᠤ ᠠᠷᠭ᠎ᠠ᠄ ᠵᠢᠷᠮᠤᠰᠤᠨ ᠡᠮᠡᠭᠲᠡᠢ ᠶᠢᠨ ᠬᠤᠶᠢᠳᠤᠬᠢ ᠨᠢ ᠴᠠᠭ ᠲᠤ ᠪᠠᠨ ᠴᠢᠭᠯᠡᠬᠦ ᠦᠭᠡᠢ ᠦᠶ᠎ᠡ ᠳᠤ ᠡᠬᠡ ᠪᠠᠷᠢᠶᠠᠴᠢ ᠨᠢ ᠲᠡᠬᠦᠨ ᠳᠤ ᠮᠤᠭᠠᠢ ᠶᠢᠨ ᠬᠠᠯᠢᠰᠦ ᠴᠢᠨᠠᠵᠤ ᠤᠤᠭᠤᠯᠭᠠᠳᠠᠭ᠃ ᠢᠩᠬᠢᠪᠡᠯ ᠬᠤᠶᠢᠳᠤᠬᠢ ᠨᠢ ᠲᠠᠷᠤᠢ ᠪᠠᠭᠤᠳᠠᠭ᠃ ᠡᠶᠢᠮᠦ ᠪᠠᠶᠢᠳᠠᠯ ᠳᠤ ᠡᠬᠡ ᠪᠠᠷᠢᠶᠠᠴᠢ ᠠᠴᠠ ᠲᠦᠷᠦᠭᠰᠡᠨ ᠡᠮᠡᠭᠲᠡᠢ ᠳᠤ ᠦᠪᠡᠷ ᠤᠨ ᠬᠢᠨᠢ ᠬᠡᠵᠢᠭᠡᠨ ᠤ ᠦᠵᠦᠬᠦᠷ ᠢ ᠠᠮᠠᠨ ᠳᠤ ᠨᠢ ᠴᠢᠬᠢᠵᠤ ᠤᠭᠰᠢᠭᠤᠯᠤᠮᠠᠭᠴᠠ ᠬᠤᠶᠢᠳᠤᠬᠢ ᠨᠢ ᠪᠠᠭᠤᠭᠠᠳ ᠢᠷᠡᠴᠢᠭᠡᠳᠡᠭ᠃ ᠪᠠᠰᠠ ᠬᠤᠭᠤᠰᠤᠨ ᠯᠤᠩᠬᠤ ᠶᠢ ᠬᠦᠴᠦᠲᠡᠢ ᠬᠡᠳᠦᠨᠲᠡ ᠦᠯᠢᠶᠡᠯᠭᠡᠵᠤ ᠪᠠᠶᠢᠭᠠᠳ ᠪᠠᠭᠤᠯᠭᠠᠳᠠᠭ ᠴᠦ ᠵᠦᠩᠳᠡᠭᠡᠨ ᠪᠤᠢ᠃ ᠠᠩᠬ᠎ᠠ ᠲᠦᠷᠦᠭᠰᠡᠨ ᠬᠡᠤᠬᠡᠳ ᠤᠨ ᠬᠤᠶᠢᠳᠤᠬᠢ ᠶᠢ ᠲᠤᠩ ᠡᠷᠬᠢᠮᠯᠡᠨ ᠠᠪᠴᠤ ᠬᠠᠳᠠᠭᠠᠯᠠᠳᠠᠭ ᠵᠠᠩᠰᠢᠯ ᠲᠠᠢ ᠪᠢᠯᠡ᠃ ᠢᠩᠬᠢᠬᠦ ᠤᠴᠢᠷ ᠨᠢ ᠲᠡᠷᠢᠬᠦᠨ ᠬᠡᠤᠬᠡᠳ ᠤᠨ ᠬᠤᠶᠢᠳᠤᠬᠢ ᠶᠢ ᠰᠡᠬᠦᠳᠡᠷ ᠭᠠᠵᠠᠷ ᠬᠠᠳᠠᠭᠠᠯᠠᠵᠤ ᠬᠠᠳᠠᠭᠠᠭᠠᠳ ᠲᠡᠬᠦᠨ ᠢᠶᠠᠨ ᠨᠠᠷᠢᠨ ᠰᠠᠶᠢᠬᠠᠨ ᠲᠠᠯᠠᠭᠳᠠᠵᠤ ᠨᠢᠯᠬ᠎ᠠ ᠬᠡᠤᠬᠡᠳ ᠲᠤ ᠤᠤᠭᠤᠯᠭᠠᠪᠠᠯ ᠬᠡᠤᠬᠡᠳ ᠤᠨ ᠰᠠᠯᠬᠢᠨ ᠳᠤ ᠴᠤᠬᠢᠭᠳᠠᠭᠰᠠᠨ ᠪᠠ ᠡᠳᠡᠭᠡᠳ ᠡᠪᠡᠳᠴᠢᠨ ᠢ ᠲᠠᠷᠤᠵᠤ ᠴᠢᠳᠠᠬᠤ ᠪᠦᠭᠡᠳ ᠬᠤᠳᠤᠭᠤᠳᠤ ᠭᠡᠳᠡᠰᠤᠨ ᠤ ᠡᠪᠡᠳᠴᠢᠨ ᠢ ᠦᠯᠡᠳᠡᠭᠡᠯ ᠦᠭᠡᠢ ᠵᠠᠰᠠᠵᠤ ᠴᠢᠳᠠᠬᠤ ᠡᠮ ᠤᠨ ᠤᠨᠴᠠ ᠴᠢᠳᠠᠯ ᠲᠠᠢ ᠪᠠᠶᠢᠳᠠᠭ᠃ ᠬᠡᠤᠬᠡᠳ ᠤᠨ ᠬᠤᠶᠢᠳᠤᠬᠢ ᠶᠢ ᠲᠤᠭᠳᠠᠭᠰᠠᠨ ᠵᠦᠭ ᠲᠤ ᠬᠠᠳᠠ ᠮᠤᠳᠤᠨ ᠤ ᠲᠤᠤᠷ᠎ᠠ ᠲᠠᠷᠤᠵᠤ ᠪᠤᠯᠠᠵᠤ ᠲᠠᠯᠪᠢᠳᠠᠭ ᠵᠠᠩᠰᠢᠯ ᠲᠠᠢ ᠪᠢᠯᠡ᠃     9᠂ ᠵᠢᠷᠮᠦᠰᠦᠨ ᠡᠮᠡᠭᠲᠡᠢ ᠶᠢᠨ ᠤᠷᠤᠭ ᠤᠨᠠᠭᠠᠬᠤ ᠬᠡᠪᠰᠢᠯᠳᠦ ᠦᠵᠡᠭᠳᠡᠯ ᠢ ᠰᠡᠷᠬᠡᠶᠢᠯᠡᠨ ᠵᠠᠰᠠᠬᠤ ᠠᠷᠭ᠎ᠠ᠄ ᠵᠠᠷᠢᠮ ᠡᠮᠡᠭᠲᠡᠢ ᠵᠢᠷᠮᠤᠰᠦᠯᠡᠬᠡᠳ ᠲᠠᠪᠤᠨ ᠰᠠᠷ᠎ᠠ ᠪᠤᠯᠪᠠᠯ ᠲᠠᠷᠤᠢ ᠤᠷᠤᠭ ᠤᠨᠠᠭᠠᠳᠠᠭ᠂ ᠡᠶᠢᠨᠬᠦ ᠲᠠᠪᠤᠨ ᠰᠠᠷ᠎ᠠ ᠠᠴᠠ ᠲᠡᠭᠡᠭᠰᠢᠬᠢ ᠪᠤᠯᠤᠭᠰᠠᠨ ᠬᠡᠤᠬᠡᠳ ᠢ ᠬᠠᠮᠠᠭᠠᠯᠠᠬᠤ ᠳᠤ ᠡᠬᠡ ᠪᠠᠷᠢᠶᠠᠴᠢ ᠠᠴᠠ ᠡᠬᠡ ᠶᠢᠨ ᠬᠢᠨᠢ ᠬᠡᠪᠡᠯᠢ ᠶᠢ ᠪᠦᠰ ᠢᠶᠠᠷ ᠢᠯᠢᠵᠤ ᠲᠡᠭᠰᠢᠯᠡᠭᠡᠳ ᠪᠤᠭᠤᠵᠤ ᠲᠤᠭᠲᠠᠭᠠᠳᠠᠭ᠃ ᠲᠠᠪᠤᠨ ᠰᠠᠷ᠎ᠠ ᠠᠴᠠ ᠲᠤᠷᠤᠭᠰᠢ ᠪᠠᠶᠢᠬᠤ ᠦᠶ᠎ᠡ ᠳᠤ ᠡᠬᠡ ᠪᠠᠷᠢᠶᠠᠴᠢ ᠠᠴᠠ ᠡᠨᠡ ᠵᠢᠷᠮᠤᠰᠤᠨ ᠡᠮᠡᠭᠲᠡᠢ ᠶᠢᠨ ᠬᠡᠤᠬᠡᠳ ᠢ ᠢᠯᠢᠵᠤ ᠲᠤᠭᠳᠠᠭᠠᠭᠰᠠᠨ ᠤ ᠰᠡᠬᠦᠯᠡᠷ ᠬᠡᠪᠡᠯᠢ ᠲᠡᠭᠡᠷ᠎ᠡ ᠨᠢ ᠲᠤᠮᠤ ᠮᠤᠳᠤᠨ ᠫᠢᠯᠠ ᠶᠢ ᠬᠦᠮᠦᠷᠢᠵᠤ ᠴᠢᠩᠭ᠎ᠠ ᠪᠤᠭᠤᠭᠠᠳ ᠲᠤᠭᠳᠠᠭᠠᠳᠠᠭ᠃      ᠤᠷᠠᠳ ᠨᠤᠳᠤᠭ ᠲᠤ ᠡᠨᠡ ᠮᠡᠳᠦ ᠤᠷᠤᠭ ᠤᠨᠠᠭᠠᠬᠤ ᠶᠢ ᠵᠠᠰᠠᠭᠰᠠᠨ ᠰᠤᠨᠢᠷᠬᠠᠯᠲᠠᠢ ᠵᠢᠱᠢᠶ᠎ᠡ ᠦᠢᠯᠡ ᠮᠤᠩ ᠦᠭᠡᠢ ᠪᠠᠶᠢᠳᠠᠭ᠂ ᠬᠦᠢᠰᠦ ᠨᠢ ᠬᠦᠵᠦᠬᠦᠦ ᠶᠢ ᠨᠢ ᠤᠷᠢᠶᠠᠭᠰᠠᠨ ᠬᠡᠪᠡᠯᠢ ᠳᠠᠬᠢ ᠬᠡᠤᠬᠡᠳ ᠤᠨ ᠤᠷᠢᠶᠠᠯᠲᠠ ᠶᠢ ᠬᠡᠪᠡᠯᠢ ᠶᠢᠨ ᠭᠠᠳᠠᠨ᠎ᠠ ᠠᠴᠠ ᠢᠯᠢᠬᠦ ᠠᠷᠭ᠎ᠠ ᠪᠠᠷ ᠭᠠᠷᠭᠠᠵᠤ ᠲᠤᠩ ᠠᠮᠠᠷᠬᠠᠨ ᠢᠶᠠᠷ ᠠᠮᠤᠷ ᠮᠡᠨᠳᠤ ᠬᠦᠩᠬᠡᠵᠢᠬᠦᠯᠳᠡᠭ᠂ ᠪᠠᠰᠠ ᠵᠠᠷᠢᠮ ᠬᠡᠤᠬᠡᠳ ᠭᠠᠷᠬᠤ ᠳᠤ ᠪᠠᠨ ᠦᠷᠦᠭᠡᠰᠦᠨ ᠬᠦᠯ ᠪᠤᠶᠤ ᠭᠠᠷ ᠨᠢ ᠤᠷᠢᠳ ᠢᠶᠠᠷ ᠭᠠᠷᠴᠤ ᠢᠷᠡᠬᠦ ᠶᠢ ᠮᠥᠨ ᠴᠦ ᠢᠯᠢᠵᠤ ᠲᠦᠯᠬᠢᠬᠦ ᠠᠷᠭ᠎ᠠ ᠪᠠᠷ ᠲᠡᠭᠰᠢᠯᠡᠨ ᠴᠢᠳᠠᠳᠠᠭ ᠤᠨᠴᠠ ᠮᠡᠷᠭᠡᠵᠢᠯ ᠲᠠᠢ ᠡᠬᠡ ᠪᠠᠷᠢᠶᠠᠴᠢ ᠴᠦ ᠲᠤᠩ ᠠᠷᠪᠢᠨ ᠪᠠᠶᠢᠳᠠᠭ᠃      ︽ᠤᠷᠠᠳ ᠲᠡᠤᠬᠡ ᠰᠤᠶᠤᠯ︾ ᠤᠨ ︵ᠲᠡᠭᠡᠳᠦ ᠲᠡᠪᠲᠡᠷ︶ ᠠᠴᠠ ᠪᠠᠭᠤᠯ᠊‍ᠭᠠᠪᠠ
ᠢᠷᠡᠯᠲᠡ᠄ ᠤᠷᠠᠳ ᠤᠨ ᠳᠤᠮᠳᠠᠳᠤ ᠬᠤᠰᠢᠭᠤᠨ ᠤ ᠵᠠᠰᠠᠭ ᠤᠨ ᠣᠷᠳᠤᠨ ᠤ ᠮᠣᠩᠭᠤᠯ ᠰᠦᠯᠵᠢᠶ᠎ᠡ