ᠮᠤᠩᠭᠤᠯᠴᠤᠳ ᠤᠨ ᠭᠡᠷ ᠤᠨ ᠬᠦᠮᠦᠵᠢᠯ
ᠨᠡᠶᠢᠲᠡᠯᠡᠭᠰᠡᠨ ᠴᠠᠭ᠄
2022/5/11
     ᠭᠡᠷ ᠪᠦᠯᠢ ᠶᠢᠨ ᠬᠦᠮᠦᠵᠢᠯ᠂ ᠰᠤᠷᠭᠠᠭᠤᠯᠢ ᠶᠢᠨ ᠰᠤᠷᠭᠠᠨ ᠬᠦᠮᠦᠵᠢᠯ᠂ ᠨᠡᠶᠢᠭᠡᠮ ᠤᠨ ᠤᠷᠴᠢᠨ ᠲᠤᠭᠤᠷᠢᠨ ᠤ ᠬᠦᠮᠦᠵᠢᠯ ᠨᠡᠶᠢᠯᠡᠵᠦ ᠪᠠᠶᠢᠮᠠᠨ ᠬᠡᠦᠬᠡᠳ ᠢ ᠬᠦᠮᠦᠨ ᠪᠤᠯᠭᠠᠳᠠᠭ᠃ ᠲᠡᠭᠡᠬᠦ ᠳᠤ ︽ᠭᠡᠷ ᠪᠦᠯᠢ ᠶᠢᠨ ᠬᠦᠮᠦᠵᠢᠯ ᠤᠨ ᠨᠦᠯᠦᠭᠡᠯᠡᠬᠦ ᠬᠦᠴᠦᠨ ᠨᠢ ᠬᠡᠦᠬᠡᠳ ᠤᠨ ᠨᠢᠭᠡ ᠨᠠᠰᠤᠨ ᠳᠤ ᠵᠠᠭᠤᠨ ᠤ ᠨᠠᠶᠠᠨ ᠬᠤᠪᠢ ᠶᠢ ᠡᠵᠡᠯᠡᠨ᠂ ᠰᠤᠷᠭᠠᠭᠤᠯᠢ ᠪᠠ  ᠨᠡᠶᠢᠭᠡᠮ ᠤᠨ ᠬᠦᠮᠦᠵᠢᠯ ᠲᠡᠭᠦᠨ ᠢ ᠤᠷᠤᠯᠠᠵᠦ ᠳᠡᠶᠢᠯᠬᠦ ᠦᠭᠡᠢ︾ ᠪᠠᠶᠢᠳᠠᠭ᠃ ᠮᠠᠨ ᠤ ᠮᠤᠩᠭᠤᠯᠴᠤᠳ ᠡᠷᠲᠡ ᠳᠡᠭᠡᠳᠦ ᠠᠴᠠ ᠪᠠᠨ ᠭᠡᠷ ᠤᠨ ᠬᠦᠮᠦᠵᠢᠯ ᠢ ᠶᠡᠭᠡ ᠴᠢᠬᠤᠯᠴᠢᠯᠠᠨ ᠬᠢᠳᠡᠭ ᠪᠠᠶᠢᠭᠰᠠᠨ ᠪᠦᠭᠡᠳ ᠤᠯᠠᠮᠵᠢᠯᠠᠯᠲᠤ ᠭᠡᠷ ᠤᠨ ᠬᠦᠮᠦᠵᠢᠯ ᠤᠨ ᠵᠤᠷᠰᠢᠯ ᠨᠢ ᠨᠡᠯᠢᠶᠡᠳ ᠦᠪᠡᠷᠮᠢᠴᠡ ᠤᠨᠴᠠᠯᠢᠭ ᠲᠠᠢ ᠪᠠᠶᠢᠵᠠᠢ᠃ ᠭᠠᠭᠴᠠ ᠬᠤᠶᠠᠷ ᠡᠷᠦᠬᠡ ᠪᠠᠷ ᠢᠶᠠᠨ ᠠᠯᠤᠰ ᠪᠤᠶᠢᠳᠠ ᠭᠠᠵᠠᠷ ᠨᠡᠭᠦᠳᠡᠯᠯᠡᠨ ᠮᠠᠯᠵᠢᠵᠤ ᠪᠠᠶᠢᠭᠰᠠᠨ ᠤ ᠤᠯᠠᠮ ᠢᠶᠠᠷ ᠦᠷ᠎ᠡ ᠬᠡᠦᠬᠡᠳ ᠢᠶᠠᠨ ᠰᠤᠷᠭᠠᠭᠤᠯᠢ ᠰᠤᠶᠤᠯ ᠤᠨ ᠮᠦᠷ ᠬᠦᠭᠡᠭᠡᠯᠭᠡᠬᠦ ᠳᠤ ᠤᠨᠴᠠ ᠬᠦᠴᠢᠷᠲᠡᠢ ᠪᠠᠶᠢᠭᠰᠠᠨ ᠨᠢ ᠳᠠᠮᠵᠢᠭ ᠦᠭᠡᠢ᠃ ᠡᠶᠢᠮᠦ ᠠᠴᠠ ᠭᠡᠷ  ᠪᠦᠯᠢ ᠶᠢᠨ ᠪᠦᠷᠢᠯᠳᠦᠭᠦᠨ᠂ ᠢᠯᠠᠩᠭᠤᠶ᠎ᠠ ᠠᠪᠤ ᠡᠵᠢ ᠨᠢ ᠦᠷ᠎ᠡ ᠬᠡᠦᠬᠡᠳ ᠤᠨ ᠢᠶᠠᠨ ᠠᠩᠬᠠᠨ ᠤ ᠪᠠᠭᠰᠢ —  ᠬᠦᠮᠦᠵᠢᠭᠦᠯᠦᠭᠴᠢ ᠪᠤᠯᠵᠦ ᠪᠠᠶᠢᠭᠰᠠᠨ ᠶᠤᠮ᠃ ᠮᠤᠩᠭᠤᠯᠴᠤᠳ ᠬᠡᠦᠬᠡᠳ ᠢ ᠰᠤᠷᠭᠠᠬᠤ ᠳᠤ ᠪᠠᠨ ᠤᠯᠠᠨ ᠵᠦᠢᠯ ᠤᠨ  ᠠᠷᠭ᠎ᠠ ᠬᠡᠯᠪᠡᠷᠢ ᠦᠨᠦᠷ ᠠᠮᠲᠠ ᠲᠠᠢ ᠪᠠᠶᠢᠳᠠᠭ᠃           1. ᠦᠵᠡᠭᠦᠯᠦᠨ ᠲᠠᠨᠢᠭᠤᠯᠬᠤ ᠠᠷᠭ᠎ᠠ ᠪᠠᠷ ᠦᠭᠡ ᠬᠡᠯᠡᠨ ᠤ ᠲᠠᠳᠤᠯᠭ᠎ᠠ ᠬᠢᠯᠭᠡᠳᠡᠭ ᠵᠠᠩᠰᠢᠯ ᠨᠢ ᠮᠤᠩᠭᠤᠯ  ᠤᠷᠤᠨ ᠳᠤ ᠲᠦᠭᠡᠮᠡᠯ ᠪᠠᠶᠢᠳᠠᠭ᠃ ᠠᠩᠬ᠎ᠠ ᠬᠡᠯᠡᠨ ᠳᠤ ᠤᠷᠤᠬᠤ ᠠᠴᠠ ᠨᠢ ᠡᠬᠢᠯᠡᠨ ᠠᠪᠤ ᠡᠵᠢ᠂ ᠠᠬᠠᠰ ᠵᠠᠬᠠᠰ ᠢ ᠨᠢ ᠲᠠᠨᠢᠭᠤᠯᠵᠤ ᠳᠠᠭᠤᠳᠠᠭᠤᠯᠵᠦ ᠰᠤᠷᠭᠠᠬᠤ ᠪᠠ ᠲᠡᠷᠡᠴᠢᠯᠡᠨ ᠠᠵᠤ ᠠᠮᠢᠳᠤᠷᠠᠯ ᠲᠠᠢ ᠨᠢ ᠬᠤᠯᠪᠤᠭ᠎ᠠ ᠪᠦᠬᠦᠢ ᠲᠠᠪᠤᠨ  ᠬᠤᠰᠢᠭᠤ ᠮᠠᠯ ᠡᠳ᠋ᠯᠡᠵᠦ ᠬᠡᠷᠡᠭᠯᠡᠵᠦ ᠪᠦᠬᠦᠢ ᠡᠳ᠋ ᠪᠤᠳᠠᠰ ᠵᠡᠷᠭᠡ ᠶᠢ ᠦᠵᠡᠭᠦᠯᠵᠦ ᠢᠯᠭᠠᠭᠤᠯᠤᠨ ᠨᠡᠷᠡᠯᠡᠬᠦᠯᠵᠦ ᠰᠤᠷᠭᠠᠳᠠᠭ᠃ ᠦᠭᠡ ᠬᠡᠯᠡᠨ ᠳᠤ ᠨᠡᠯᠢᠶᠡᠳ ᠤᠷᠤᠭᠠᠳ ᠢᠷᠡᠬᠦ ᠪᠠᠷ ᠨᠢ ᠦᠵᠡᠭᠳᠡᠵᠦ ᠬᠠᠷᠠᠭᠳᠠᠬᠤᠶᠢᠴᠠ ᠠᠮᠢᠳᠠᠨ᠂ ᠬᠡᠷᠡᠭ ᠪᠤᠳᠠᠰ ᠲᠠᠢ ᠬᠤᠯᠪᠤᠭᠳᠠᠬᠤ ᠬᠡᠯᠡ ᠪᠤᠯᠪᠠᠰᠤᠷᠠᠭᠤᠯᠬᠤ ᠦᠭᠡ ᠶᠢ ᠶᠠᠷᠢᠭᠤᠯᠵᠦ ᠬᠡᠯᠡᠨ ᠤ ᠴᠤᠯᠴᠢᠷᠠᠭ᠎ᠠ ᠶᠢ ᠨᠢ  ᠲᠠᠶᠢᠯᠠᠬᠤ ᠲᠠᠳᠤᠯᠭ᠎ᠠ ᠬᠢᠯᠭᠡᠳᠡᠭ ᠨᠢ ᠭᠡᠷ ᠤᠨ ᠬᠦᠮᠦᠵᠢᠯ ᠤᠨ ᠬᠢᠨᠢ ᠴᠢᠬᠤᠯᠠ ᠨᠢᠭᠡ ᠠᠭᠤᠯᠭ᠎ᠠ ᠪᠤᠯᠳᠠᠭ᠃           2. ᠮᠠᠯᠵᠢᠬᠤ ᠰᠤᠶᠤᠯ ᠤᠨ ᠤᠬᠢ ᠱᠦᠯᠲᠦ ᠪᠤᠯᠤᠭᠰᠠᠨ ᠮᠤᠩᠭᠤᠯ ᠠᠷᠠᠳ ᠤᠨ ᠶᠠᠪᠠᠭᠠᠨ ᠦᠯᠢᠭᠡᠷ᠂  ᠤᠨᠢᠰᠤᠭ᠎ᠠ ᠲᠠᠭᠠᠪᠤᠷᠢ᠂ ᠢᠷᠦᠭᠡᠯ ᠮᠠᠭᠲᠠᠭᠠᠯ ᠪᠤᠶᠤ ᠬᠡᠦᠬᠡᠳ ᠤᠨ ᠳᠤᠷ᠎ᠠ ᠲᠠᠭᠠᠰᠢᠶᠠᠯ ᠢ ᠪᠤᠯᠢᠶᠠᠬᠤᠶᠢᠴᠠ  ᠠᠷᠠᠳ ᠤᠨ ᠠᠮᠠᠨ ᠵᠤᠬᠢᠶᠠᠯ᠂ ᠠᠷᠠᠳ ᠤᠨ ᠳᠠᠭᠤᠤ ᠪᠠᠷ ᠬᠡᠦᠬᠡᠳ ᠤᠨ ᠬᠡᠯᠡᠨ ᠤ ᠮᠡᠳᠡᠷᠡᠮᠵᠢ ᠶᠢ ᠳᠡᠭᠡᠭᠰᠢᠯᠡᠭᠦᠯᠦᠨ  ᠰᠡᠳᠬᠢᠴᠡ ᠶᠢ ᠨᠢ ᠳᠡᠯᠡᠵᠦ ᠦᠭᠡᠰ ᠤᠨ ᠰᠠᠩ ᠢ ᠨᠢ ᠪᠠᠶᠠᠯᠢᠭᠵᠢᠭᠤᠯᠤᠨ ᠤᠶᠤᠨ ᠤ ᠬᠦᠭᠵᠢᠯᠲᠡ ᠶᠢ ᠨᠢ ᠠᠬᠢᠭᠤᠯᠳᠠᠭ᠃ ᠡᠭᠦᠨ ᠳᠤ ᠠᠮᠢᠲᠠᠨ ᠤ ᠦᠯᠢᠭᠡᠷ ᠪᠠ ᠲᠡᠦᠬᠡᠲᠦ ᠦᠯᠢᠭᠡᠷ ᠤᠳ ᠨᠢ ᠬᠡᠦᠬᠡᠳ ᠢ ᠰᠠᠶᠢᠨ ᠰᠠᠶᠢᠬᠠᠨ ᠤ  ᠵᠦᠭ ᠬᠦᠲᠦᠯᠦᠨ ᠤᠬᠠᠭᠠᠷᠠᠭᠤᠯᠵᠦ ᠪᠠᠶᠢᠬᠤ ᠳᠤ ᠤᠨᠢᠰᠤᠭ᠎ᠠ ᠲᠠᠭᠠᠪᠤᠷᠢ ᠨᠢ ᠶᠢᠷᠲᠢᠨᠴᠦ ᠳᠡᠯᠡᠬᠡᠢ ᠶᠢ ᠲᠠᠯ᠎ᠠ  ᠲᠠᠯ᠎ᠠ ᠠᠴᠠ ᠨᠢ ᠤᠬᠠᠪᠤᠷᠢᠯᠠᠵᠦ ᠲᠢᠨᠢᠬᠤ ᠳᠤ ᠰᠡᠩᠬᠡᠷᠡᠭᠦᠯᠦᠯ ᠪᠤᠯᠳᠠᠭ᠃ ᠠᠷᠠᠳ ᠤᠨ ᠳᠠᠭᠤᠤ ᠢᠷᠦᠭᠡᠯ ᠮᠠᠭᠲᠠᠭᠠᠯ ᠨᠢ ᠬᠡᠯᠡ ᠰᠡᠳᠬᠢᠬᠦᠢ ᠶᠢ ᠬᠦᠭᠵᠢᠭᠦᠯᠵᠦ᠂ ᠠᠪᠤᠨ ᠳᠤᠤᠷ᠎ᠠ ᠪᠠᠨ ᠰᠢᠯᠦᠭᠯᠡᠴᠢᠬᠡᠳᠡᠭ ᠠᠮᠢᠳᠤ ᠶᠠᠷᠢᠶᠠᠨ ᠤ ᠤᠷᠠᠨ ᠴᠢᠳᠠᠪᠤᠷᠢ ᠶᠢ ᠨᠢ ᠨᠡᠮᠡᠭᠳᠡᠭᠦᠯᠳᠡᠭ ᠪᠠᠶᠢᠨ᠎ᠠ᠃           3. ︽ᠬᠦᠮᠦᠨ ᠪᠤᠯᠬᠤ ᠪᠠᠭ᠎ᠠ ᠠᠴᠠ ᠪᠠᠨ ᠬᠦᠯᠦᠭ ᠪᠤᠯᠬᠤ ᠤᠨᠠᠭᠠᠨ ᠠᠴᠠ ᠪᠠᠨ︾ ︽ᠡᠷᠬᠡ ᠶᠢ  ᠰᠤᠷᠬᠤ ᠪᠠᠷ ᠪᠡᠷᠬᠡ ᠶᠢ ᠰᠤᠷ︾ ᠭᠡᠵᠦ ᠦᠷ᠎ᠡ ᠬᠡᠦᠬᠡᠳ ᠢᠶᠠᠨ ᠪᠠᠯᠴᠢᠷ ᠪᠠᠭ᠎ᠠ ᠠᠴᠠ ᠨᠢ ᠲᠡᠰᠪᠦᠷᠢ ᠬᠠᠲᠠᠭᠤᠵᠢᠯᠲᠠᠢ᠂  ᠳᠠᠷᠤᠤ ᠨᠤᠮᠤᠬᠠᠨ᠂ ᠶᠤᠰᠦ ᠨᠤᠮ ᠲᠠᠢ ᠪᠤᠯᠬᠤ ᠶᠢ ᠰᠤᠷᠭᠠᠮᠵᠢᠯᠠᠨ᠎ᠠ᠃ ᠶᠡᠷᠦ ᠨᠢ ᠡᠩᠬᠦᠷᠡᠶᠢᠯᠡᠵᠦ ᠪᠦᠪᠠᠶᠢᠯᠡᠵᠦ ᠡᠷᠬᠡ ᠲᠠᠩᠬᠢ ᠰᠤᠷᠭᠠᠬᠤ ᠠᠴᠠ ᠵᠠᠶᠢᠯᠠᠰᠬᠢᠳᠠᠭ᠃ ᠡᠭᠦᠨ ᠳᠤ ᠬᠠᠷ᠎ᠠ ᠪᠠᠭ᠎ᠠ ᠠᠴᠠ ᠨᠢ ᠮᠠᠯ ᠤᠨᠤᠭ᠎ᠠ ᠲᠠᠢ  ᠨᠤᠴᠤᠯᠳᠤᠭᠤᠯᠤᠨ᠂ ᠲᠠᠪᠤᠨ ᠬᠤᠰᠢᠭᠤ ᠮᠠᠯ ᠢᠶᠠᠨ ᠵᠢᠰᠦᠯᠡᠨ ᠲᠠᠨᠢᠬᠤ᠂ ᠵᠦᠭ ᠴᠢᠭ᠂ ᠠᠭᠤᠯᠠ ᠲᠤᠯᠤᠭᠠᠳ ᠤᠰᠤ  ᠮᠦᠷᠡᠨ ᠤ ᠪᠠᠶᠢᠷᠢᠰᠢᠯ ᠵᠢᠴᠢ ᠲᠡᠳᠡᠭᠡᠷ ᠢ ᠨᠡᠷᠡᠯᠡᠨ ᠠᠮᠢᠳᠤᠷᠠᠯ ᠳᠤᠮᠳᠠ ᠪᠠᠨ ᠦᠢᠯᠡᠴᠢᠯᠡᠭᠦᠯᠬᠦ ᠲᠠᠳᠤᠯᠭ᠎ᠠ  ᠪᠤᠯᠪᠠᠰᠤᠷᠠᠯ ᠢ ᠦᠷᠭᠦᠯᠵᠢ ᠬᠢᠯᠭᠡᠳᠡᠭ᠃ ᠮᠦᠨ ᠴᠦ ᠠᠬᠠᠰ ᠵᠠᠬᠠᠰ ᠢᠶᠠᠨ ᠬᠦᠨᠳᠦᠯᠡᠬᠦ᠂ ᠮᠠᠯ ᠠᠳᠤᠭᠤᠰᠤ᠂ ᠨᠤᠲᠤᠭ  ᠤᠰᠤ᠂ ᠪᠠᠶᠢᠭᠠᠯᠢ ᠳᠡᠯᠡᠬᠡᠢ ᠳᠤ ᠬᠠᠶᠢᠷᠠᠲᠠᠢ ᠪᠤᠯᠭᠠᠨ ᠬᠦᠮᠦᠵᠢᠭᠦᠯᠬᠦ ᠶᠢ ᠴᠦ ᠶᠡᠬᠡᠲᠡ ᠴᠢᠬᠤᠯᠠᠴᠢᠯᠠᠨ᠎ᠠ᠃ ᠵᠤᠴᠢᠨ  ᠭᠡᠶᠢᠴᠢᠨ ᠢᠷᠡᠬᠦ ᠳᠤ ᠤᠨᠤᠭ᠎ᠠ ᠶᠢ ᠲᠤᠰᠬᠤ᠂ ᠨᠤᠬᠠᠢ ᠬᠤᠷᠢᠬᠤ᠂ ᠠᠬᠠᠮᠠᠳ ᠨᠠᠰᠤᠲᠠᠨ ᠳᠤ ᠮᠦᠷᠭᠦᠵᠦ ᠰᠦᠬᠦᠷᠡᠬᠦ ᠮᠡᠲᠦ ᠶᠢᠨ ᠶᠤᠰᠤ ᠮᠤᠷᠠᠯ ᠢ ᠡᠷᠬᠢᠮᠯᠡᠬᠦ ᠶᠢ ᠴᠦ ᠲᠦᠪ ᠴᠢᠩᠭ᠎ᠠ ᠪᠠᠷ ᠰᠤᠷᠭᠠᠳᠠᠭ᠃           4. ᠮᠤᠩᠭᠤᠯᠴᠤᠳ ᠬᠡᠦᠬᠡᠳ ᠠᠴᠢᠨᠠᠷ ᠢᠶᠠᠨ ᠳᠠᠭᠠᠭᠤᠯᠤᠨ ᠬᠦᠳᠡᠯᠮᠦᠷᠢ ᠳᠤ ᠲᠠᠳᠤᠯᠭᠠᠵᠢᠭᠤᠯᠬᠤ ᠶᠢᠨ ᠳᠤᠮᠳᠠ ᠤᠯᠠᠨ ᠵᠦᠢᠯ ᠤᠨ ᠮᠡᠳᠡᠯᠭᠡ ᠴᠢᠳᠠᠪᠤᠷᠢ ᠬᠦᠷᠲᠡᠭᠡᠳᠡᠭ᠃ ᠮᠤᠩᠭᠤᠯ ᠠᠮᠢᠳᠤᠷᠠᠯ ᠤᠨ ᠤᠬᠢ ᠰᠢᠯᠢᠳᠡᠭ ᠤᠷᠠᠨ  ᠨᠠᠷᠢᠨ ᠮᠡᠷᠭᠡᠵᠢᠯ — ᠮᠤᠷᠢ ᠲᠡᠮᠡᠭᠡ ᠤᠨᠤᠬᠤ᠂ ᠮᠤᠷᠢᠨ ᠤ ᠡᠳ᠋ᠯᠡᠯ ᠬᠡᠷᠡᠭᠰᠡᠯ ᠳᠤᠳᠤᠮᠳᠠᠬᠤ᠂ ᠮᠠᠯ ᠬᠠᠷᠢᠭᠤᠯᠬᠤ᠂ ᠬᠠᠨ᠎ᠠ ᠦᠳᠡᠬᠦ ᠴᠢᠳᠦᠷ ᠮᠤᠰᠬᠢᠵᠦ ᠵᠠᠩᠭᠢᠳᠬᠤ᠂ ᠲᠡᠷᠯᠢᠭ ᠴᠠᠮᠴᠠ ᠡᠰᠬᠡᠵᠦ ᠤᠶᠤᠬᠤ᠂ ᠴᠠᠭᠠᠨ ᠢᠳᠡᠭᠡ  ᠪᠤᠯᠪᠠᠰᠤᠷᠠᠭᠤᠯᠬᠤ᠂ ᠢᠰᠡᠭᠡᠢ ᠬᠢᠬᠦ᠂ ᠮᠤᠩᠭᠤᠯ ᠭᠡᠷ ᠬᠢᠬᠦ ᠮᠡᠲᠦ ᠪᠠᠷ ᠤᠯᠠᠨ ᠤᠯᠠᠨ ᠲᠠᠯ᠎ᠠ ᠪᠠᠷ ᠴᠠᠭᠠᠷᠠᠭᠤᠯᠳᠠᠭ  ᠪᠠᠶᠢᠨ᠎ᠠ᠃ ᠭᠡᠭᠦ ᠳᠤ ᠬᠡᠦᠬᠡᠳ ᠤᠨ ᠨᠠᠰᠤᠨ ᠤ ᠬᠡᠮᠵᠢᠶ᠎ᠡ ᠶᠢ ᠠᠩᠬᠠᠷᠬᠤ ᠠᠴᠠ ᠭᠠᠳᠠᠨ᠎ᠠ ᠪᠦᠰᠡᠲᠡᠢ ᠪᠦᠰᠡᠬᠦᠢ  ᠬᠡᠦᠬᠡᠳ ᠲᠤ ᠠᠳᠠᠯᠢ ᠪᠤᠰᠤ ᠵᠤᠷᠢᠯᠳᠠ ᠲᠠᠯᠪᠢᠨ ᠬᠦᠮᠦᠵᠢᠭᠦᠯᠳᠡᠭ ᠵᠤᠷᠰᠢᠯ ᠲᠠᠢ᠃ ᠲᠡᠭᠡᠬᠦ ᠳᠤ ᠬᠡᠦᠬᠡᠳ ᠤᠨ  ᠤᠷᠤᠯᠳᠤᠵᠦ ᠬᠢᠭᠰᠡᠨ ᠪᠦᠲᠦᠭᠡᠯ ᠪᠦᠬᠦᠨ ᠳᠤ ᠨᠢ ︽ᠪᠤᠯᠤᠨ᠎ᠠ︾ ᠭᠢᠬᠦ ᠵᠤᠷᠢᠭᠵᠢᠭᠤᠯᠤᠯ ᠤᠨ ᠦᠭᠡ ᠱᠠᠩᠨᠠᠳᠠᠭ ᠨᠢ  ᠬᠡᠦᠬᠡᠳ ᠤᠨ ᠦᠷᠭᠦᠯᠵᠢᠯᠡᠨ ᠴᠢᠷᠮᠠᠶᠢᠬᠤ ᠤᠷᠮ᠎ᠠ ᠵᠤᠷᠢᠭ ᠵᠢᠴᠢ ᠦᠪᠡᠷ ᠢ ᠪᠠᠨ ᠢᠲᠡᠭᠡᠬᠦ ᠬᠠᠯᠠᠭᠤᠨ ᠰᠡᠳᠬᠢᠯ ᠢ ᠨᠢ  ᠤᠷᠭᠢᠯᠤᠭᠤᠯᠵᠦ ᠰᠡᠳᠬᠢᠵᠦ ᠰᠦᠪᠡᠭᠴᠢᠯᠡᠬᠦ ᠢᠳᠡᠪᠬᠢᠵᠢᠯ ᠢ ᠨᠢ ᠳᠠᠶᠢᠴᠢᠯᠠᠵᠦ ᠴᠢᠳᠠᠳᠠᠭ ᠪᠠᠶᠢᠨ᠎ᠠ᠃           5. ︽ᠴᠡᠭᠡᠷ ᠶᠤᠰᠤ ᠪᠤᠯ ᠨᠢᠭᠡ ᠭᠠᠶᠢᠬᠠᠮᠰᠢᠭᠲᠤ ᠰᠤᠶᠤᠯ︾᠂ ᠮᠤᠩᠭᠤᠯᠴᠤᠳ ᠬᠡᠦᠬᠡᠳ ᠪᠠᠭᠠᠴᠤᠳ ᠢ  ᠲᠤᠳᠤᠮᠳᠠᠨ ᠰᠤᠷᠭᠠᠬᠤ ᠳᠤ ᠪᠠᠨ ᠴᠡᠭᠡᠷ ᠶᠤᠰᠤ ᠬᠠᠪᠤᠲᠠᠢ ᠠᠰᠢᠭᠯᠠᠨ ᠤᠯᠠᠨ ᠵᠦᠢᠯ ᠤᠨ ᠮᠡᠳᠡᠯᠭᠡ ᠬᠦᠷᠲᠡᠭᠡᠬᠦ ᠶᠢᠨ  ᠬᠠᠮᠲᠤ ᠬᠦᠮᠦᠨ ᠪᠤᠯᠬᠤ ᠶᠢᠨ ᠶᠤᠰᠤ ᠤᠴᠢᠷ ᠢ ᠮᠡᠳᠡᠭᠦᠯᠳᠡᠭ᠃ ᠵᠢᠱᠢᠶᠡᠯᠡᠪᠡᠯ᠄ ᠠᠪᠤ ᠡᠵᠢ᠂ ᠠᠬᠠᠰ ᠵᠠᠬᠠᠰ ᠢᠶᠠᠨ ᠨᠡᠷᠡᠯᠡᠨ ᠳᠠᠭᠤᠳᠠᠬᠤ ᠶᠢ ᠴᠡᠭᠡᠷᠯᠡᠬᠦ᠂ ᠡᠷᠡᠮᠳᠡᠭ ᠵᠡᠷᠡᠮᠳᠡᠭ ᠬᠦᠮᠦᠨ ᠢ ᠡᠯᠡᠭᠯᠡᠨ ᠳᠤᠭᠤᠭᠢᠯᠠᠬᠤ ᠪᠠ ᠪᠤᠵᠠᠷ ᠮᠠᠭᠤᠬᠠᠢ  ᠦᠭᠡ ᠶᠠᠷᠢᠬᠤ ᠶᠢ ᠴᠡᠭᠡᠷᠯᠡᠵᠦ ᠬᠦᠨᠳᠦᠯᠡᠵᠦ ᠬᠦᠨᠳᠦᠳᠬᠡᠬᠦ ᠪᠤᠯᠪᠠᠰᠤᠨ ᠰᠠᠶᠢᠬᠠᠨ ᠰᠤᠷᠳᠠᠯ ᠲᠠᠢ ᠪᠤᠯᠬᠤ ᠳᠤ  ᠬᠦᠲᠦᠯᠳᠡᠭ᠃ ᠭᠠᠯ ᠤᠰᠤ ᠵᠢᠴᠢ ᠬᠠᠶᠢᠴᠢ ᠬᠢᠲᠤᠭ᠎ᠠ᠂ ᠰᠢᠪᠦᠭᠡ ᠮᠡᠲᠦ ᠪᠠᠷ ᠨᠠᠭᠠᠳᠬᠤ ᠶᠢ ᠴᠡᠭᠡᠷᠯᠡᠵᠦ᠂ ᠠᠮᠤᠷ ᠲᠦᠪᠰᠢᠨ ᠤ ᠲᠠᠯ᠎ᠠ ᠶᠢᠨ ᠬᠦᠮᠦᠵᠢᠯ ᠢ ᠴᠦ ᠤᠷᠠᠯᠢᠭ ᠢᠶᠠᠷ ᠬᠢᠳᠡᠭ ᠪᠠᠶᠢᠵᠠᠢ᠃ ᠨᠡᠩ ᠴᠦ ᠮᠤᠩᠭᠤᠯ ᠭᠠᠵᠠᠷ ᠤᠨ ᠬᠡᠦᠬᠡᠳ ᠢ ᠠᠳᠡ ᠲᠡᠨᠳᠡ ᠭᠠᠵᠠᠷ ᠤᠬᠤᠬᠤ᠂ ᠰᠢᠪᠠᠭᠤ ᠱᠠᠭᠠᠵᠠᠭᠠᠢ ᠶᠢᠨ ᠡᠭᠦᠷ ᠠᠭᠤᠳᠠᠯᠯᠠᠵᠦ ᠠᠮᠢᠲᠠᠨ ᠠᠷᠢᠶᠠᠲᠠᠨ ᠢ ᠳᠤᠷ᠎ᠠ ᠪᠠᠷ ᠨᠢᠲᠤᠯᠬᠤ᠂ ᠡᠪᠡᠰᠦ ᠮᠤᠳᠤ ᠶᠢ ᠬᠤᠭᠤᠴᠢᠵᠦ ᠤᠷᠴᠢᠨ ᠠᠬᠤᠢ ᠶᠢ ᠰᠦᠢᠳᠬᠡᠬᠦ ᠶᠢ ᠤᠨᠴᠠ ᠴᠡᠭᠡᠷᠯᠡᠭᠦᠯᠵᠦ ᠪᠠᠶᠢᠭᠠᠯᠢ ᠳᠡᠯᠡᠬᠡᠢ ᠶᠢ ᠬᠠᠶᠢᠷᠠᠯᠠᠵᠦ ᠬᠠᠮᠠᠭᠠᠯᠠᠬᠤ ᠶᠤᠰᠤ ᠶᠢ ᠦᠶ᠎ᠡ ᠤᠯᠠᠮᠵᠢᠯᠠᠨ ᠰᠤᠷᠭᠠᠳᠠᠭ  ᠪᠠᠶᠢᠨ᠎ᠠ᠃ ᠮᠤᠩᠭᠤᠯᠴᠤᠳ ᠤᠨ ᠡᠳᠡᠭᠡᠷ ᠰᠠᠶᠢᠬᠠᠨ ᠭᠡᠷ ᠤᠨ ᠬᠦᠮᠦᠵᠢᠯ ᠨᠢ ᠬᠡᠦᠬᠡᠳ ᠤᠨ ᠢᠷᠡᠭᠡᠳᠦᠢ ᠶᠢᠨ ᠰᠠᠶᠢᠨ  ᠰᠠᠶᠢᠬᠠᠨ ᠳᠤ ᠰᠢᠭᠤᠳ ᠨᠦᠯᠦᠭᠡᠯᠡᠨ ᠦᠩᠭᠡᠲᠡᠢ ᠦᠭᠡᠳᠡᠲᠡᠢ ᠶᠠᠪᠤᠬᠤ ᠳᠤ ᠠᠬᠢᠭᠤᠯᠬᠤ ᠦᠢᠯᠡᠳᠦᠯ ᠦᠵᠡᠬᠦᠯᠵᠦ  ᠪᠠᠶᠢᠳᠠᠭ᠃            ᠭᠡᠷ ᠤᠨ ᠬᠦᠮᠦᠵᠢᠯ ᠢ ᠴᠢᠬᠤᠯᠴᠢᠯᠠᠨ ᠬᠢᠭᠰᠡᠨ ᠬᠡᠦᠬᠡᠳ ᠤᠨ ᠰᠤᠷᠤᠯᠭ᠎ᠠ ᠰᠤᠶᠤᠯ ᠤᠨ ᠬᠢᠷᠢ ᠬᠡᠮᠵᠢᠶ᠎ᠡ ᠬᠠᠷᠠᠬᠠᠨ ᠪᠠᠭ᠎ᠠ ᠠᠴᠠ ᠪᠠᠨ ᠤᠨᠴᠠᠭᠠᠢ ᠳᠠᠪᠠᠭᠤᠯᠢᠭ ᠪᠠᠶᠢᠳᠠᠭ ᠪᠦᠭᠡᠳ ᠡᠷᠲᠡ ᠤᠬᠠᠭ᠎ᠠ ᠲᠦᠬᠦᠭᠡ ᠰᠠᠭᠤᠵᠦ ᠪᠡᠶ᠎ᠡ ᠪᠠᠨ ᠳᠠᠭᠠᠭᠠᠵᠦ ᠠᠮᠢᠳᠤᠷᠠᠵᠦ ᠰᠤᠷᠤᠯᠴᠠᠬᠤ ᠪᠠ ᠦᠪᠡᠷ ᠪᠤᠰᠤᠳ ᠢ ᠬᠠᠷᠠᠭᠠᠯᠵᠠᠬᠤ ᠤᠪᠤᠷ ᠰᠡᠳᠬᠢᠯᠭᠡ ᠤᠷ᠎ᠠ  ᠴᠢᠳᠠᠪᠤᠷᠢ ᠶᠢ ᠪᠦᠷᠢᠯᠳᠦᠭᠦᠯᠦᠭᠰᠡᠨ ᠪᠠᠶᠢᠳᠠᠭ᠃ ᠨᠡᠶᠢᠭᠡᠮ ᠤᠨ ᠬᠦᠭᠵᠢᠯᠲᠡ ᠶᠢ ᠳᠠᠭᠠᠯᠳᠤᠨ ᠭᠡᠷ ᠤᠨ ᠬᠦᠮᠦᠵᠢᠯ ᠤᠨ ᠠᠭᠤᠯᠭ᠎ᠠ ᠨᠡᠩ ᠪᠠᠶᠠᠯᠢᠭᠵᠢᠵᠦ ᠪᠠᠶᠢᠭ᠎ᠠ ᠤᠳᠤᠬᠠᠨ ᠳᠤ ᠬᠡᠦᠬᠡᠳ ᠪᠠ ᠭᠡᠷ ᠤᠨ ᠠᠬᠠᠮᠠᠳ ᠡᠷᠬᠡᠪᠰᠢ ᠴᠠᠭ  ᠲᠤᠬᠢᠶᠠᠯ ᠢ ᠡᠵᠡᠮᠳᠡᠨ᠂ ᠡᠭᠦᠷᠭᠡ ᠬᠠᠷᠢᠭᠤᠴᠠᠯᠭ᠎ᠠ ᠪᠠᠨ ᠬᠦᠢᠴᠡᠳ ᠪᠡᠶᠡᠯᠡᠭᠦᠯᠵᠦ ᠪᠠᠶᠢᠬᠤ ᠬᠡᠷᠡᠭᠲᠡᠢ᠃          
ᠢᠷᠡᠯᠲᠡ᠄ ᠲᠤᠮᠳᠠᠳᠤ ᠤᠯᠤᠰ ᠤᠨ ᠮᠤᠩᠭᠤᠯ ᠬᠡᠯᠡᠡ ᠤ ᠰᠤᠨᠢᠠ ᠮᠠᠳᠡᠭᠡ ᠶᠢᠨ ᠰᠦᠯᠵᠢᠶ᠎ᠠ