ᠮᠤᠩᠭᠤᠯᠴᠤᠳ ᠨᠤᠮ ᠰᠡᠶᠢᠷᠡᠬᠦᠯᠬᠦ ᠪᠤᠶᠤ ᠵᠤᠬᠢᠶᠠᠵᠤ ᠪᠢᠴᠢᠭᠰᠡᠨ ᠨᠤᠮ ᠢᠶᠠᠨ ᠪᠤᠰᠤᠳ ᠲᠤ ᠦᠭᠬᠦ ᠳᠡᠭᠡᠨ ᠵᠠᠩᠬᠢᠶ᠎ᠠ ᠶᠢ ᠨᠢ ᠲᠠᠶᠢᠯᠵᠤ ᠦᠭᠲᠡᠭ ᠶᠤᠰᠤᠨ | ᠪᠤᠢ᠃ ᠬᠡᠷᠪᠡ ᠵᠠᠩᠬᠢᠶ᠎ᠠ ᠶᠢ ᠨᠢ ᠲᠠᠶᠢᠯᠬᠤ ᠦᠭᠡᠢ ᠦᠭᠪᠡᠯ ᠨᠤᠮ ᠢ ᠨᠢ ᠬᠡᠴᠢᠨᠡᠨ ᠤᠩᠰᠢᠭᠰᠠᠨ ᠴᠤ ᠵᠠᠩᠬᠢᠷᠠᠭᠠᠳ ᠶᠠᠪᠤᠭᠤᠷᠢ ᠦᠭᠡᠢ ᠪᠠᠶᠢᠲᠠᠭ ᠬᠡᠨ᠎ᠡ᠂ | ᠵᠠᠩᠬᠢᠶ᠎ᠠ ᠶᠢ ᠨᠢ ᠲᠠᠶᠢᠯᠤᠭᠰᠠᠨ ᠦᠭᠡᠢ ᠨᠤᠮ ᠢ ᠮᠢᠩᠭ᠎ᠠ ᠤᠲᠠᠭ᠎ᠠ ᠤᠩᠰᠢᠪᠠᠯ ᠪᠠᠭ᠎ᠠ ᠰᠠᠭ᠎ᠠ ᠠᠴᠢ ᠲᠤᠰᠠ ᠭᠠᠷᠴᠤ᠂ ᠪᠤᠮ ᠤᠲᠠᠭ᠎ᠠ ᠤᠩᠰᠢᠪᠠᠯ ᠰᠠᠶ᠋ᠢ | ᠬᠡᠷᠡᠭ ᠲᠤ ᠬᠦᠷᠲᠡᠭ ᠭᠡᠳᠡᠭ᠃ ᠡᠶᠢᠮᠦ ᠠᠴᠠ ︽ᠮᠢᠩᠭᠠᠨ ᠬᠠᠷᠢᠭᠤᠯᠭ᠎ᠠ︾ ᠬᠡᠲᠡᠭ ᠨᠢ ᠵᠠᠩᠭᠢᠶ᠎ᠠ ᠶᠢ ᠨᠢ ᠲᠠᠶᠢᠯᠤᠭᠰᠠᠨ ᠦᠭᠡᠢ ᠨᠤᠮ ᠢ ᠮᠢᠩᠭ᠎ᠠ ᠤᠲᠠᠭ᠎ᠠ | ᠤᠩᠰᠢᠭᠰᠠᠨ ᠲᠠᠲᠤᠢ᠂ ᠬᠡᠷᠪᠡ ᠵᠠᠩᠬᠢᠶ᠎ᠠ ᠶᠢ ᠨᠢ ᠲᠠᠶᠢᠯᠪᠠᠯ ︽ ᠲᠤᠤᠭᠠᠷᠤᠮᠠᠭᠴᠠ ᠲᠤᠰᠠᠯᠠᠵᠤ᠂ ᠠᠮᠠᠯᠠᠮᠠᠭᠴᠠ ᠠᠴᠢ ᠭᠠᠷᠲᠠᠭ︾ ᠪᠤᠯᠬᠤᠷ ᠠᠶᠢᠯ ᠡᠷᠦᠬᠡ᠂ ᠤᠪᠤᠭ | ᠲᠦᠷᠦᠯ ᠤᠨ ᠲᠤᠲᠤᠷ᠎ᠠ ᠠᠴᠠ ᠬᠠᠮᠤᠭ ᠤᠨ ᠰᠢᠯᠤᠭᠤᠨ ᠰᠢᠲᠤᠷᠭᠤ ᠬᠦᠪᠡᠬᠦᠨ ᠳᠡᠭᠡᠨ ᠨᠢᠭᠤᠴᠠ ᠪᠠᠷ ᠤᠯᠠᠮᠵᠢᠯᠠᠲᠠᠭ ᠲᠤᠯᠠ ᠤᠲᠤ ᠮᠡᠲᠡᠬᠦ ᠬᠦᠮᠦᠨ ᠴᠦᠭᠡᠨ | ᠪᠤᠯᠵᠠᠢ᠃ ᠦᠨᠡᠨᠳᠡᠬᠡᠨ ᠮᠠᠨ ᠤ ᠮᠤᠩᠭᠤᠯᠴᠤᠳ ᠨᠤᠮ ᠲᠠᠷᠬᠠᠭᠠᠵᠤ᠂ ᠪᠤᠰᠤᠳ ᠲᠤ ᠨᠤᠮ ᠦᠭᠬᠦ ᠳᠡᠭᠡᠨ ︽ᠨᠤᠮ ᠤᠨ ᠵᠠᠩᠬᠢᠶ᠎ᠠ︾ ᠶᠢ ᠨᠢ ᠲᠠᠶᠢᠯᠵᠤ ᠦᠭᠲᠡᠭ | ᠲᠤᠰᠬᠠᠢ ᠵᠠᠩ ᠦᠢᠯᠡ ᠪᠤᠢ᠃ | ᠨᠢᠬᠡ᠂ ᠨᠤᠮ ᠤᠨ ᠵᠠᠩᠬᠢᠶ᠎ᠠ ᠲᠠᠶᠢᠯᠬᠤ ᠶᠤᠰᠤ᠄ ᠮᠤᠩᠭᠤᠯᠴᠤᠳ ᠤᠨ ᠨᠤᠮ ᠤᠨ ᠵᠠᠩᠬᠢᠶ᠎ᠠ ᠲᠠᠶᠢᠯᠬᠤ ᠶᠤᠰᠤᠨ ᠪᠤᠯ ᠮᠤᠩᠭᠤᠯᠴᠤᠳ ᠦᠰᠦᠭ ᠪᠢᠴᠢᠭ ᠦᠭᠡᠢ | ᠪᠠᠶᠢᠬᠤ ᠦᠶ᠎ᠡ ᠳᠤ ᠲᠡᠭᠡᠰᠤ ᠵᠠᠩᠭᠢᠳᠴᠤ ᠲᠡᠮᠲᠡᠭᠯᠡᠯ ᠬᠢᠲᠡᠭ ᠵᠠᠩᠰᠢᠯ ᠠᠴᠠ ᠤᠯᠠᠮᠵᠢᠯᠠᠵᠤ ᠢᠷᠡᠭᠰᠡᠨ ᠪᠤᠯᠤᠯᠲᠠᠢ᠂ ᠡᠶᠢᠮᠦ ᠠᠴᠠ ᠮᠤᠩᠭᠤᠯᠴᠤᠳ ᠦᠬᠡ | ᠶᠠᠷᠢᠬᠤ ᠳᠠᠭᠠᠨ ᠵᠠᠩᠬᠢᠯᠠᠭ᠎ᠠ ᠶᠢ ᠨᠢ ᠠᠳᠬᠤᠵᠤ ᠶᠠᠷᠢᠨ᠎ᠠ᠂ ᠵᠤᠬᠢᠶᠠᠯ ᠪᠢᠴᠢᠬᠦ ᠳᠡᠭᠡᠨ ᠵᠠᠩᠬᠢᠯᠠᠭ᠎ᠠ ᠶᠢ ᠨᠢ ᠠᠳᠬᠤᠵᠤ ᠪᠢᠴᠢᠨ᠎ᠠ᠂ ᠠᠮᠢᠨ ᠰᠠᠬᠢᠶ᠎ᠠ ᠪᠤᠯᠭᠠᠵᠤ ᠵᠠᠩᠬᠢᠶ᠎ᠠ | ᠵᠡᠬᠦᠨ᠎ᠡ᠂ ᠶᠠᠭᠤᠮ᠎ᠠ ᠦᠢᠯᠡᠳᠬᠦ ᠳᠡᠭᠡᠨ ᠵᠠᠩᠬᠢᠯᠠᠭ᠎ᠠ ᠶᠢ ᠨᠢ ᠠᠳᠬᠤᠵᠤ ᠬᠢᠨ᠎ᠡ ᠬᠡᠲᠡᠭ᠃ ᠪᠠᠰᠠ ᠮᠤᠩᠭᠤᠯ ᠬᠦᠮᠦᠨ ᠠᠶᠢᠯ ᠡᠷᠦᠬᠡ ᠳᠤ ᠤᠷᠤᠵᠤ ᠪᠡᠯᠡᠭ ᠰᠡᠯᠲᠡ | ᠬᠦᠷᠬᠡᠬᠦ ᠳᠡᠭᠡᠨ ᠪᠦᠷ ᠪᠤᠭᠤᠯᠲᠠ ᠶᠢᠨ ᠵᠠᠩᠬᠢᠶ᠎ᠠ ᠶᠢ ᠨᠢ ᠲᠠᠶᠢᠯᠵᠤ ᠬᠦᠷᠬᠡᠲᠡᠭ ᠶᠤᠰᠤ ᠪᠤᠢ᠃ ᠡᠬᠦᠨ ᠲᠠᠢ ᠠᠳᠠᠯᠢ ᠶᠤᠰᠤ ᠪᠠᠷ ᠮᠠᠨ ᠤ ᠮᠤᠩᠭᠤᠯ ᠬᠦᠮᠦᠨ | ᠵᠠᠩᠬᠢᠯᠠᠭ᠎ᠠ ᠶᠢ ᠨᠢ ᠲᠠᠶᠢᠯᠤᠭᠰᠠᠨ ᠦᠭᠡᠢ ᠨᠤᠮ ᠢ ᠪᠤᠰᠤᠳ ᠲᠤ ᠬᠦᠷᠭᠡᠲᠡᠭ ᠦᠭᠡᠢ᠂ ᠮᠤᠩᠭᠤᠯᠴᠤᠳ ᠤᠨ ᠬᠤᠪᠤᠷ ᠦᠨᠡᠲᠦ ᠨᠤᠮ ᠪᠦᠷ ᠲᠠᠪᠤᠨ ᠦᠩᠬᠡ ᠶᠢᠨ | ᠲᠤᠷᠭᠠᠨ ᠤᠲᠠᠰᠤ ᠪᠠᠷ ᠭᠤᠷᠪᠠᠨ ᠵᠠᠩᠬᠢᠶ᠎ᠠ ᠬᠦᠬᠡᠷᠬᠡᠢ ᠵᠠᠩᠬᠢᠳᠴᠤ᠂ ᠲᠤᠭᠤᠮᠴᠢ ᠶᠢ ᠨᠢ ᠨᠤᠮ ᠤᠨ ᠲᠤᠯᠤᠭᠠᠢ ᠲᠠᠯ᠎ᠠ ᠳᠤᠨᠢ ᠲᠠᠭᠠᠷᠠᠭᠤᠯᠤᠨ ᠬᠠᠲᠠᠭᠠᠯᠠᠵᠤ | ᠪᠠᠶᠢᠲᠠᠭ᠃ ᠨᠤᠮ ᠢᠶᠠᠨ ᠪᠤᠰᠤᠳ ᠲᠤ ᠬᠦᠷᠬᠡᠬᠦ ᠳᠡᠭᠡᠨ ᠪᠠᠷᠠᠭᠤᠨ ᠬᠤᠶᠢᠰᠢ ᠬᠠᠨᠳᠤᠨ ᠵᠤᠭᠰᠤᠵᠤ᠂ ᠨᠤᠮ ᠤᠨ ᠬᠠᠨ ᠪᠠᠪᠠᠢ ᠲᠡᠭᠷᠢ ᠶᠢᠨ ᠵᠠᠷᠯᠢᠭ ᠤᠨ ᠦᠴᠢᠭ | ᠦᠴᠢᠵᠤ ︽ᠰᠠᠷ︕ ᠰᠠᠷ︕ ᠰᠠᠷ︕︾ ᠬᠡᠵᠤ ᠲᠡᠭᠷᠢ ᠦᠭᠡᠳᠠ ᠠᠷᠢᠬᠢ ᠰᠠᠷᠬᠤᠳ ᠢ ᠰᠠᠴᠤᠯᠬᠢᠯᠠᠠ ᠵᠠᠩᠬᠢᠶ᠎ᠠ ᠶᠢ ᠨᠢ ᠲᠠᠶᠢᠯᠵᠤ ᠬᠦᠷᠭᠡᠲᠡᠭ ᠶᠤᠰᠤ ᠪᠤᠢ᠃ | ᠨᠤᠮ ᠤᠨ ᠵᠠᠩᠬᠢᠶ᠎ᠠ ᠲᠠᠶᠢᠯᠬᠤ ᠳᠤ ᠪᠠᠰᠠ ᠡᠲᠦᠷ ᠴᠠᠭ ᠢ ᠶᠡᠭᠡ ᠨᠠᠷᠢᠯᠢᠭ ᠰᠤᠩᠭᠤᠵᠤ ᠦᠢᠯᠡᠲᠤᠲᠡᠭ ᠪᠤᠢ᠃ ᠡᠨᠡ ᠨᠢ ᠲᠠᠷᠤᠢ ᠵᠢᠷᠤᠬᠠᠢ ᠶᠢᠨ ᠠᠷᠪᠠᠨ ᠬᠤᠶᠠᠷ | ᠡᠵᠡᠨ ᠤ ᠨᠡᠬᠡᠬᠡᠭᠴᠢ᠂ ᠡᠪᠲᠡᠭᠴᠢ᠂ ᠲᠦᠬᠦᠷᠥᠭᠴᠢ᠂ ᠲᠦᠪᠰᠢᠳᠬᠡᠭᠴᠢ ᠵᠡᠷᠭᠡ ᠲᠦᠷᠪᠡᠨ ᠡᠵᠡᠨ ᠢ ᠰᠤᠩᠭᠤᠵᠤ᠂ ᠬᠡᠰᠢᠭ ᠤᠨ ᠲᠦᠷᠪᠡᠨ ᠤᠲᠤ ᠷᠤᠬᠢᠨᠠᠢ᠂ | ᠪᠦᠷᠨᠢᠸᠠᠰᠤ᠂ ᠪᠦᠷᠸᠠᠰᠠᠳ᠂ ᠰᠡᠲᠡᠪᠢᠰ ᠵᠡᠷᠭᠡ ᠲᠦᠷᠪᠡᠨ ᠤᠲᠤ ᠲᠠᠢ ᠲᠤᠬᠢᠶᠠᠯᠲᠤᠭᠤᠯᠤᠨ ᠨᠤᠮ ᠤᠨ ᠵᠠᠩᠬᠢᠶ᠎ᠠ ᠲᠠᠶᠢᠯᠬᠤ ᠦᠢᠯᠠ ᠶᠢ ᠦᠢᠯᠡᠲᠤᠨ᠎ᠠ᠃ | ᠬᠡᠬᠦ ᠳᠡᠭᠡᠨ ᠠᠷᠢᠭᠤᠨ ᠴᠡᠪᠡᠷ ᠢ ᠡᠷᠬᠢᠮᠯᠠᠨ᠎ᠠ᠃ ᠮᠤᠩᠭᠤᠯᠴᠤᠳ ᠤᠨ ᠨᠤᠮ ᠤᠨ ᠵᠠᠩᠬᠢᠶ᠎ᠠ ᠲᠠᠶᠢᠯᠬᠤ ᠶᠤᠰᠤ ᠪᠤᠯ ᠠᠯᠢᠪᠠ ᠨᠤᠮᠯᠠᠯ ᠢ ᠮᠠᠰᠢ ᠶᠡᠭᠡ ᠶᠠᠪᠤᠭᠤᠷᠢ ᠲᠠᠢ | ᠪᠤᠯᠭᠠᠵᠤ ᠷᠢᠳᠢ ᠰᠢᠳᠢ ᠤᠷᠤᠭᠤᠯᠲᠠᠭ᠃ ᠬᠤᠶᠠᠷ᠂ ᠮᠤᠩᠭᠤᠯᠴᠤᠳ ᠤᠨ ᠨᠤᠮ ᠪᠢᠲᠡᠬᠦᠯᠡᠬᠦ ᠶᠤᠰᠤ᠄ ᠨᠣᠮ ᠰᠣᠳᠤᠷ ᠪᠢᠳᠡᠭᠦᠯᠡᠬᠦ ᠭᠡᠳᠡᠭ ᠨᠢ ᠴᠠᠭᠠᠨ | ᠰᠠᠷ᠎ᠠ ᠶᠢᠨ ᠰᠢᠨ᠎ᠡ ᠶᠢᠨ ᠨᠢᠭᠡᠨ ᠤ ᠡᠮᠦᠨᠡᠬᠢ ᠡᠳᠦᠷ ᠨᠣᠮ ᠰᠣᠳᠤᠷ ᠢᠶᠠᠨ ᠶᠠᠩᠵᠣᠯᠠᠨ ᠲᠠᠶᠢᠬᠤ ᠵᠠᠩᠰᠢᠯ ᠢ ᠬᠡᠯᠡᠵᠤ ᠪᠤᠢ᠃ ᠡᠪᠦᠭᠡ ᠲᠡᠭᠡᠳᠦᠰ ᠠᠴᠠ ᠤᠯᠠᠮᠵᠢᠯᠠᠨ | ᠬᠠᠳᠠᠭᠠᠯᠠᠵᠤ ᠢᠷᠡᠭᠰᠡᠨ ᠨᠣᠮ ᠰᠣᠳᠤᠷ᠂ ᠭᠡᠷ ᠤᠨ ᠲᠦᠷᠢᠮ᠂ ᠴᠠᠳᠢᠭ ᠂ ᠲᠠᠶᠢᠯᠭ᠎ᠠ ᠲᠠᠬᠢᠯᠭ᠎ᠠ ᠶᠢᠨ ᠪᠢᠴᠢᠭ ᠰᠣᠳᠤᠷ᠂ ᠵᠢᠷᠤᠬᠠᠢ ᠦᠵᠡᠯᠭᠡ ᠶᠢᠨ ᠲᠡᠪᠳᠡᠷ᠂ | ᠦᠷᠭᠦᠯᠵᠢ ᠣᠩᠰᠢᠵᠤ ᠪᠠᠶᠢᠳᠠᠭ ᠨᠣᠮ᠂ ᠲᠡᠭᠦᠨᠴᠢᠯᠡᠨ ᠪᠢᠷ᠂ ᠪᠡᠭᠡ᠂ ᠴᠠᠭᠠᠰᠤ ᠵᠡᠷᠭᠡ ᠪᠢᠴᠢᠭ ᠤᠨ ᠬᠡᠷᠡᠭᠰᠡᠯ ᠤᠳ ᠢᠶᠠᠨ ᠪᠢᠳᠡᠭᠦᠨ ᠤ ᠡᠳᠦᠷ ᠡᠪᠯᠡᠨ ᠲᠢᠭᠯᠡᠵᠤ | ᠠᠷᠴᠢᠨ ᠵᠦᠯᠭᠦᠳᠡᠭ᠃ ᠪᠠᠷᠢᠨᠳᠠᠭ ᠲᠠᠢ ᠨᠣᠮ ᠰᠤᠳᠤᠷ ᠪᠤᠯ ᠣᠷᠢᠳ ᠢᠶᠠᠷ ᠬᠦᠵᠢ ᠠᠰᠠᠭᠠᠨ ᠵᠤᠯᠠ ᠡᠷᠭᠦᠵᠤ ᠭᠠᠷ ᠢᠶᠠᠨ ᠤᠬᠢᠶᠠᠵᠤ ᠠᠷᠢᠭᠤᠳᠬᠠᠭᠠᠳ ᠰᠠᠶ᠋ᠢ | ᠪᠠᠷᠢᠨᠳᠠᠭ ᠢ ᠨᠢ ᠲᠠᠶᠢᠯᠵᠤ ᠠᠷᠴᠢᠵᠤ ᠵᠦᠯᠭᠦᠳᠡᠭ᠃ ᠶᠡᠷᠤ ᠶᠢᠨ ᠴᠠᠭ ᠲᠡᠯᠭᠡᠳᠡᠭ ᠦᠭᠡᠢ ᠴᠠᠳᠢᠭ᠂ ᠲᠠᠬᠢᠯᠭ᠎ᠠ ᠶᠢᠨ ᠰᠣᠳᠤᠷ᠂ ᠦᠶ᠎ᠡ ᠤᠯᠠᠷᠢᠨ ᠣᠯᠠᠮᠵᠢᠯᠠᠵᠤ | ᠢᠷᠡᠭᠰᠡᠨ ᠨᠣᠮ ᠰᠣᠳᠤᠷ ᠢ ᠴᠤ ᠡᠨᠡ ᠡᠳᠦᠷ ᠨᠢᠭᠡᠳ ᠨᠢᠭᠡ ᠪᠠᠷ ᠲᠠᠶᠢᠯᠤᠨ ᠭᠠᠷ ᠤᠨ ᠠᠶ᠎ᠠ ᠪᠠᠷ ᠡ᠊ᠨᠳᠡ ᠲᠡᠨᠳᠡ ᠠᠴᠠ ᠨᠢ ᠬᠡᠳᠤᠨ ᠬᠠᠭᠤᠳᠠᠰᠤ ᠶᠢ ᠡᠷᠭᠢᠭᠦᠯᠤᠨ | ᠣᠩᠰᠢᠵᠤ᠂ ᠲᠣᠭᠤᠰᠤ ᠰᠢᠷᠤᠢ ᠶᠢ ᠨᠢ ᠭᠦᠪᠢᠨ ᠠᠷᠴᠢᠭᠠᠳ ᠣᠭ ᠬᠡᠪ ᠢᠶᠠᠷ ᠨᠢ ᠪᠠᠷᠢᠨᠳᠠᠭ ᠲᠤᠨᠢ ᠪᠣᠭᠤᠵᠤ ᠲᠠᠯᠪᠢᠨ᠎ᠠ᠃ ᠪᠤᠰᠤᠳ ᠨᠤᠮ ᠪᠢᠴᠢᠭ ᠤᠳ ᠢ ᠴᠤ | ᠲᠢᠭᠯᠡᠵᠤ ᠴᠡᠪᠡᠷᠯᠡᠭᠡᠳ ᠶᠠᠩᠵᠤᠯᠠᠨ ᠵᠠᠰᠠᠨ᠎ᠠ᠃ ᠨᠣᠮ ᠰᠣᠳᠤᠷ᠂ ᠪᠢᠴᠢᠭ ᠤᠨ ᠬᠡᠷᠡᠭᠰᠡᠯ ᠢ ᠲᠢᠭᠯᠡᠵᠤ ᠵᠠᠰᠠᠭᠰᠠᠨ ᠤ ᠲᠡᠭᠡᠷ᠎ᠡ ᠨᠢ ᠬᠠᠳᠠᠭ ᠲᠣᠬᠤᠭᠠᠳ ᠡᠮᠦᠨ᠎ᠡ ᠨᠢ | ᠬᠦᠵᠢ ᠵᠤᠯᠠ ᠠᠰᠠᠭᠠᠨ ᠲᠠᠪᠠᠭ ᠲᠠᠢ ᠴᠠᠭᠠᠨ ᠢᠳᠡᠭᠡ ᠲᠠᠯᠪᠢᠳᠠᠭ᠃ ᠡᠭᠦᠨ ᠢ ᠨᠣᠮ ᠰᠣᠳᠤᠷ ᠪᠢᠳᠡᠭᠦᠯᠡᠵᠤ ᠪᠠᠶᠢᠨ᠎ᠠ ᠭᠡᠳᠡᠭ᠃ ᠪᠢᠳᠡᠭᠦᠯᠡᠭᠰᠡᠨ ᠨᠣᠮ ᠰᠣᠳᠤᠷ ᠢ | ᠲᠤᠷ᠎ᠠ ᠪᠠᠷ ᠨᠢ ᠬᠦᠳᠡᠯᠭᠡᠵᠤ ᠪᠣᠯᠬᠤ ᠦᠭᠡᠢ ᠴᠠᠭᠠᠨ ᠰᠠᠷ᠎ᠠ ᠳᠤ ᠰᠠᠶᠢᠨ ᠡᠳᠦᠷ ᠢ ᠰᠣᠩᠭᠤᠨ ᠨᠣᠮ ᠰᠣᠳᠤᠷ ᠲᠠᠭᠠᠨ ᠬᠦᠵᠢ ᠵᠤᠯᠠ ᠡᠷᠭᠦᠨ ᠨᠣᠮ ᠢᠶᠠᠨ | ᠰᠡᠬᠦᠨ᠎ᠡ᠃ ︵ᠰᠦᠯᠵᠢᠶ᠎ᠠ︶ | |